1 2 3 4 5 6 7 8 9 10 11 12 13 14 15 16 17 18 19 20 21 22 23 24 25


ᠬᠠᠭᠠᠳ ᠤᠨ ᠳᠡᠳ᠋ ᠬᠣᠷᠢᠨ ᠲᠠᠪᠤ
 ᠶᠧᠷᠦ᠋ᠰᠠᠯᠧᠮ ᠡᠵᠡᠯᠡᠭᠳᠡᠪᠡ

1 ᠽᠧᠳᠧᠺᠢᠶ᠎ᠠ ᠬᠠᠭᠠᠨ ᠤ ᠶᠢᠰᠦᠳᠡᠬᠢ ᠣᠨ ᠤ ᠠᠷᠪᠠᠳᠤᠭᠠᠷ ᠰᠠᠷ᠎ᠠ ᠶᠢᠨ ᠠᠷᠪᠠᠨ ᠳᠤ᠂ ᠪᠠᠪᠢᠯᠣᠨ ᠤ ᠬᠠᠭᠠᠨ ᠨᠧᠪᠦ᠋ᠺᠠᠨᠧᠽᠠᠷ ᠪᠦᠬᠦ ᠴᠡᠷᠢᠭ ᠤᠨ ᠢᠶᠠᠨ ᠬᠠᠮᠲᠤ ᠶᠧᠷᠦ᠋ᠰᠠᠯᠧᠮ ᠢ ᠴᠣᠬᠢᠬᠤ ᠪᠠᠷ ᠢᠷᠡᠭᠡᠳ ᠬᠣᠲᠠ ᠶᠢᠨ ᠬᠠᠷᠠᠯᠳᠤᠭ᠎ᠠ ᠬᠤᠸᠠᠷᠠᠩᠨᠠᠵᠤ᠂ ᠲᠡᠭᠦᠨ ᠢ ᠲᠣᠭᠣᠷᠢᠭᠤᠯᠤᠨ ᠴᠠᠮᠬᠠᠭ ᠪᠣᠰᠬᠠᠵᠠᠢ᠃ 2 ᠡᠢᠨ ᠬᠦ ᠽᠧᠳᠧᠺᠢᠶ᠎ᠠ ᠬᠠᠭᠠᠨ ᠤ ᠠᠷᠪᠠᠨ ᠨᠢᠭᠡᠳᠦᠭᠡᠷ ᠣᠨ ᠬᠦᠷᠲᠡᠯ᠎ᠡ ᠬᠣᠲᠠ ᠪᠦᠰᠡᠯᠡᠯᠲᠡ ᠳᠦ ᠪᠠᠢᠵᠠᠢ᠃ 3 ᠳᠥᠷᠪᠡᠳᠦᠭᠡᠷ ᠰᠠᠷ᠎ᠠ ᠶᠢᠨ ᠶᠢᠰᠦᠨ ᠦ ᠡᠳᠦᠷ᠂ ᠬᠣᠲᠠ ᠳᠣᠲᠣᠷ᠎ᠠ ᠥᠯᠥᠰᠬᠥᠯᠡᠩ ᠰᠢᠷᠦᠭᠦᠰᠦᠭᠰᠡᠨ ᠦ ᠤᠯᠠᠮ ᠢᠶᠠᠷ ᠲᠡᠷᠡ ᠭᠠᠵᠠᠷ ᠤᠨ ᠠᠷᠠᠳ ᠲᠦᠮᠡᠨ ᠬᠦᠨᠡᠰᠦ ᠦᠭᠡᠢ ᠪᠣᠯᠣᠭᠠᠳ ᠪᠠᠢᠬᠤ ᠳᠤ᠂ 4 ᠬᠣᠲᠠ ᠶᠢᠨ ᠬᠡᠷᠡᠮ ᠴᠥᠮᠥᠷᠡᠵᠡᠢ᠃ ᠪᠠᠪᠢᠯᠣᠨᠴᠤᠳ ᠬᠣᠲᠠ ᠶᠢ ᠪᠦᠰᠡᠯᠡᠵᠦ ᠪᠠᠢᠭᠰᠠᠨ ᠪᠣᠯᠪᠠᠴᠤ ᠳᠠᠢᠴᠢᠳ ᠪᠦᠭᠦᠳᠡ ᠰᠥᠨᠢ ᠳᠤᠮᠳᠠ ᠬᠠᠭᠠᠨ ᠤ ᠴᠡᠴᠡᠷᠯᠢᠭ ᠤᠨ ᠬᠠᠵᠠᠭᠤ ᠳᠤ ᠪᠤᠢ ᠬᠣᠶᠠᠷ ᠬᠠᠨᠠᠨ ᠤ ᠬᠣᠭᠣᠷᠣᠨᠳᠣᠬᠢ ᠬᠠᠭᠠᠯᠭ᠎ᠠ ᠪᠠᠷ ᠭᠠᠷᠴᠤ᠂ ᠠᠷᠠᠪᠠ ᠵᠦᠭ ᠵᠢᠭᠤᠲᠠᠵᠠᠢ᠃ 5 ᠭᠡᠪᠡᠴᠦ ᠪᠠᠪᠢᠯᠣᠨ ᠤ ᠴᠡᠷᠢᠭ ᠬᠠᠭᠠᠨ ᠢ ᠨᠡᠬᠡᠵᠦ᠂ ᠶᠧᠷᠢᠺᠣ ᠶᠢᠨ ᠲᠠᠯ᠎ᠠ ᠳᠤ ᠲᠡᠭᠦᠨ ᠢ ᠭᠦᠢᠴᠡᠪᠡ᠃ ᠬᠠᠭᠠᠨ ᠤ ᠪᠦᠬᠦ ᠴᠡᠷᠢᠭ ᠲᠡᠭᠦᠨ ᠢ ᠣᠷᠬᠢᠨ ᠪᠤᠲᠠᠷᠠᠪᠠ᠃ 6 ᠪᠠᠪᠢᠯᠣᠨᠴᠤᠳ ᠬᠠᠭᠠᠨ ᠢ ᠪᠠᠷᠢᠪᠴᠢᠯᠠᠵᠤ᠂ ᠷᠢᠪᠯᠠ ᠳᠠᠬᠢ ᠪᠠᠪᠢᠯᠣᠨ ᠤ ᠬᠠᠭᠠᠨ ᠥᠭᠡᠳᠡ ᠬᠦᠷᠭᠡᠭᠡᠳ ᠶᠠᠯ᠎ᠠ ᠣᠨᠣᠭᠠᠵᠤ᠂ 7 ᠽᠧᠳᠧᠺᠢᠶ᠎ᠠ ᠶᠢᠨ ᠨᠢᠳᠦᠨ ᠳᠡᠭᠡᠷ᠎ᠡ ᠬᠥᠪᠡᠭᠦᠳ ᠢ ᠨᠢ ᠴᠠᠭᠠᠵᠠᠯᠠᠭᠰᠠᠨ ᠤ ᠳᠠᠷᠠᠭ᠎ᠠ᠂ ᠽᠧᠳᠧᠺᠢᠶ᠎ᠠ ᠶᠢᠨ ᠨᠢᠳᠦ ᠶᠢ ᠰᠣᠬᠣᠯᠠᠭᠠᠳ ᠲᠡᠭᠦᠨ ᠢ ᠬᠦᠷᠡᠯ ᠳᠥᠩᠭᠡ ᠪᠡᠷ ᠳᠥᠩᠭᠡᠯᠡᠵᠦ᠂ ᠪᠠᠪᠢᠯᠣᠨ ᠤᠷᠤᠭᠤ ᠠᠪᠠᠴᠢᠪᠠ᠃

8 ᠪᠠᠪᠢᠯᠣᠨ ᠤ ᠬᠠᠭᠠᠨ ᠨᠧᠪᠦ᠋ᠺᠠᠨᠧᠽᠠᠷ ᠬᠠᠭᠠᠨ ᠤ ᠠᠷᠪᠠ ᠶᠢᠰᠦᠳᠦᠭᠡᠷ ᠣᠨ ᠤ ᠲᠠᠪᠤᠳᠤᠭᠠᠷ ᠰᠠᠷ᠎ᠠ ᠶᠢᠨ ᠳᠣᠯᠣᠭᠠᠨ ᠳᠤ᠂ ᠪᠠᠪᠢᠯᠣᠨ ᠤ ᠬᠠᠭᠠᠨ ᠤ ᠲᠦᠰᠢᠮᠡᠯ᠂ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠶᠧᠷᠦ᠋ᠰᠠᠯᠧᠮ ᠳᠤ ᠢᠷᠡᠵᠦ᠂ 9 ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠢ ᠰᠢᠲᠠᠭᠠᠪᠠ᠃ ᠲᠡᠷᠡ ᠪᠡᠷ ᠶᠧᠷᠦ᠋ᠰᠠᠯᠧᠮ ᠤᠨ ᠪᠦᠬᠦ ᠪᠠᠷᠢᠯᠭ᠎ᠠ ᠶᠢ ᠭᠠᠯᠳᠠᠵᠤ᠂ ᠲᠣᠮᠣ ᠪᠠᠷᠢᠯᠭ᠎ᠠ ᠪᠣᠯᠭᠠᠨ ᠢ ᠰᠢᠲᠠᠭᠠᠵᠠᠢ᠃ 10 ᠰᠢᠳᠠᠷ ᠬᠠᠮᠠᠭᠠᠯᠠᠭᠴᠢᠳ ᠤᠨ ᠠᠬᠠᠯᠠᠭᠴᠢ ᠶᠢᠨ ᠳᠣᠣᠷᠠᠬᠢ ᠪᠠᠪᠢᠯᠣᠨ ᠤ ᠪᠦᠬᠦ ᠴᠡᠷᠢᠭ ᠶᠧᠷᠦ᠋ᠰᠠᠯᠧᠮ ᠤᠨ ᠡᠷᠭᠢᠨ ᠲᠣᠭᠣᠷᠢᠨ ᠤ ᠪᠦᠬᠦ ᠬᠡᠷᠡᠮ ᠢ ᠨᠤᠷᠠᠭᠠᠪᠠ᠃ 11 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠬᠣᠲᠠ ᠳᠤ ᠦᠯᠡᠳᠡᠭᠰᠡᠨ ᠠᠷᠠᠳ᠂ ᠪᠠᠪᠢᠯᠣᠨ ᠤ ᠬᠠᠭᠠᠨ ᠤᠷᠤᠭᠤ ᠬᠡᠳᠦᠢᠨ ᠣᠷᠭᠣᠭᠰᠠᠨ ᠬᠥᠮᠦᠰ ᠪᠣᠯᠣᠨ ᠪᠤᠰᠤᠳ ᠦᠢ ᠣᠯᠠᠨ ᠢ ᠪᠦᠭᠦᠳᠡ ᠶᠢ ᠴᠥᠯᠡᠪᠡ᠃ 12 ᠲᠡᠢᠨ ᠬᠦ ᠰᠢᠳᠠᠷ ᠬᠠᠮᠠᠭᠠᠯᠠᠭᠴᠢᠳ ᠤᠨ ᠠᠬᠠᠯᠠᠭᠴᠢ ᠨᠤᠲᠤᠭ ᠤᠨ ᠬᠡᠰᠡᠭ ᠶᠠᠳᠠᠭᠤᠰ ᠢ ᠯᠠ ᠦᠯᠡᠳᠡᠭᠡᠨ᠂ ᠦᠵᠦᠮ ᠦᠨ ᠴᠡᠴᠡᠷᠯᠢᠭᠴᠢ ᠪᠣᠯᠣᠨ ᠭᠠᠵᠠᠷ ᠬᠠᠭᠠᠯᠤᠭᠴᠢ ᠪᠣᠯᠭᠠᠵᠠᠢ᠃

13 ᠪᠠᠪᠢᠯᠣᠨᠴᠤᠳ ᠶᠣᠬᠣᠸᠠ ᠶᠢᠨ ᠥᠷᠭᠥᠭᠡᠨ ᠦ ᠬᠦᠷᠡᠯ ᠪᠠᠭᠠᠨ᠎ᠠ ᠨᠤᠭᠤᠳ᠂ ᠤᠰᠤᠨ ᠲᠡᠷᠭᠡ ᠨᠦᠭᠦᠳ ᠬᠢᠭᠡᠳ ᠬᠦᠷᠡᠯ 《ᠲᠠᠩᠭᠢᠰ》 ᠢ ᠪᠤᠲᠠᠯᠵᠤ᠂ ᠬᠦᠷᠡᠯ ᠢ ᠨᠢ ᠪᠠᠪᠢᠯᠣᠨ ᠤᠷᠤᠭᠤ ᠠᠪᠠᠴᠢᠵᠠᠢ᠃ 14 ᠲᠡᠳᠡ ᠪᠠᠰᠠ ᠲᠣᠭᠣᠭ᠎ᠠ᠂ ᠤᠳᠬᠤᠭᠤᠷ᠂ ᠴᠢᠮᠬᠢᠭᠦᠷ᠂ ᠬᠠᠯᠪᠠᠭ᠎ᠠ ᠬᠢᠭᠡᠳ ᠥᠷᠭᠥᠭᠡᠨ ᠳᠦ ᠬᠡᠷᠡᠭᠯᠡᠳᠡᠭ ᠬᠦᠷᠡᠯ ᠬᠡᠷᠡᠭᠰᠡᠯ ᠤᠳ ᠢ ᠠᠪᠠᠴᠢᠵᠠᠢ᠃ 15 ᠰᠢᠳᠠᠷ ᠬᠠᠮᠠᠭᠠᠯᠠᠭᠴᠢᠳ ᠤᠨ ᠠᠬᠠᠯᠠᠭᠴᠢ ᠪᠣᠢᠫᠣᠷ ᠤᠳ ᠬᠢᠭᠡᠳ ᠴᠢᠰᠤ ᠬᠢᠬᠦ ᠰᠠᠪᠠ ᠨᠤᠭᠤᠳ ᠢ ᠬᠦᠷᠲᠡᠯ᠎ᠡ᠂ ᠠᠯᠲᠠ ᠮᠥᠩᠭᠥ ᠪᠡᠷ ᠬᠢᠭᠰᠡᠨ ᠪᠦᠬᠦᠨ ᠢ ᠠᠪᠤᠪᠠ᠃ 16 ᠬᠣᠶᠠᠷ ᠪᠠᠭᠠᠨ᠎ᠠ᠂ ᠨᠥᠭᠥᠭᠡ 《ᠲᠠᠩᠭᠢᠰ》 ᠪᠣᠯᠣᠨ ᠤᠰᠤᠨ ᠲᠡᠷᠭᠡ ᠨᠦᠭᠦᠳ ᠵᠡᠷᠭᠡ ᠰᠣᠯᠣᠮᠣᠨ ᠤ ᠶᠣᠬᠣᠸᠠ ᠶᠢᠨ ᠥᠷᠭᠥᠭᠡᠨ ᠳᠦ ᠵᠣᠷᠢᠭᠤᠯᠤᠨ ᠬᠢᠭᠰᠡᠨ ᠡᠳ᠋ᠯᠡᠯ ᠤᠳ ᠤᠨ ᠬᠦᠷᠡᠯ ᠨᠢ ᠬᠡᠮᠵᠢᠶᠡᠯᠡᠰᠢ ᠦᠭᠡᠢ ᠶᠡᠬᠡ ᠪᠠᠢᠵᠠᠢ᠃ 17 ᠪᠠᠭᠠᠨ᠎ᠠ ᠶᠢᠨ ᠥᠨᠳᠥᠷ ᠨᠢ ᠠᠷᠪᠠᠨ ᠨᠠᠢ᠌ᠮᠠᠨ ᠲᠣᠬᠣᠢ᠂ ᠲᠡᠭᠦᠨ ᠳᠡᠭᠡᠷᠡᠬᠢ ᠲᠣᠯᠣᠭᠠᠢ ᠶᠢᠨ ᠥᠨᠳᠥᠷ ᠨᠢ ᠭᠤᠷᠪᠠᠨ ᠲᠣᠬᠣᠢ ᠪᠥᠭᠡᠳ ᠲᠣᠯᠣᠭᠠᠢ ᠶᠢ ᠪᠦᠲᠡᠭᠡᠭᠰᠡᠨ ᠵᠡᠭᠦᠯᠲᠡ ᠪᠠ ᠠᠨᠠᠷ ᠤᠳ ᠢ ᠪᠦᠭᠦᠳᠡ ᠬᠦᠷᠡᠯ ᠢᠶᠡᠷ ᠬᠢᠭᠰᠡᠨ ᠪᠠᠢᠪᠠ᠃ ᠵᠡᠭᠦᠯᠲᠡ ᠪᠡᠷ ᠴᠢᠮᠡᠭᠯᠡᠭᠰᠡᠨ ᠨᠥᠭᠥᠭᠡ ᠪᠠᠭᠠᠨ᠎ᠠ ᠨᠢ ᠴᠤ ᠠᠳᠠᠯᠢ ᠪᠠᠢᠪᠠ᠃

18 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠢ ᠠᠬᠠᠯᠠᠬᠤ ᠲᠠᠬᠢᠯᠴᠢ ᠰᠧᠷᠠᠢᠶ᠎ᠠ᠂ ᠳᠡᠳ᠋ ᠲᠠᠬᠢᠯᠴᠢ ᠽᠧᠹᠠᠨᠢᠶ᠎ᠠ ᠶᠢ ᠥᠷᠭᠥᠭᠡᠨ ᠦ ᠭᠤᠷᠪᠠᠨ ᠬᠠᠭᠠᠯᠭᠠᠴᠢ ᠶᠢᠨ ᠬᠠᠮᠲᠤ ᠪᠠᠷᠢᠪᠴᠢᠯᠠᠪᠠ᠃ 19 ᠲᠡᠷᠡ ᠪᠡᠷ ᠬᠣᠲᠠ ᠳᠤ ᠦᠯᠡᠳᠡᠭᠰᠡᠨ ᠬᠥᠮᠦᠰ ᠦᠨ ᠳᠤᠮᠳᠠ ᠠᠴᠠ ᠮᠥᠨ ᠳᠠᠢᠴᠢᠳ ᠢ ᠬᠠᠷᠢᠭᠤᠴᠠᠭᠴᠢ ᠨᠢᠭᠡ ᠲᠦᠰᠢᠮᠡᠯ ᠢ ᠬᠠᠭᠠᠨ ᠤ ᠲᠠᠪᠤᠨ ᠵᠥᠪᠯᠡᠭᠴᠢ᠂ ᠲᠡᠷᠡ ᠭᠠᠵᠠᠷ ᠤᠨ ᠠᠷᠠᠳ ᠲᠦᠮᠡᠨ ᠢ ᠴᠡᠷᠢᠭ ᠲᠤ ᠲᠠᠲᠠᠳᠠᠭ ᠠᠬᠠᠯᠠᠬᠤ ᠲᠦᠰᠢᠮᠡᠯ᠂ ᠬᠣᠲᠠ ᠠᠴᠠ ᠣᠯᠳᠠᠭᠰᠠᠨ ᠵᠢᠷᠠᠨ ᠢᠷᠭᠡᠨ ᠲᠡᠢ ᠬᠠᠮᠲᠤ ᠪᠠᠷᠢᠪᠴᠢᠯᠠᠪᠠ᠃ 20 ᠰᠢᠳᠠᠷ ᠬᠠᠮᠠᠭᠠᠯᠠᠭᠴᠢᠳ ᠤᠨ ᠠᠬᠠᠯᠠᠭᠴᠢ ᠨᠧᠪᠦ᠋ᠽᠠᠷᠠᠳᠠᠨ ᠲᠡᠳᠡᠨ ᠢ ᠪᠠᠷᠢᠪᠴᠢᠯᠠᠭᠠᠳ ᠷᠢᠪᠯᠠ ᠳᠤ ᠪᠤᠢ ᠪᠠᠪᠢᠯᠣᠨ ᠤ ᠬᠠᠭᠠᠨ ᠳᠤ ᠬᠦᠷᠭᠡᠭᠰᠡᠨ ᠳᠦ᠂ 21 ᠪᠠᠪᠢᠯᠣᠨ ᠤ ᠬᠠᠭᠠᠨ ᠲᠡᠳᠡᠨ ᠢ ᠬᠠᠮᠠᠲ ᠨᠤᠲᠤᠭ ᠤᠨ ᠷᠢᠪᠯᠠ ᠳᠤ ᠴᠠᠭᠠᠵᠠᠯᠠᠭᠤᠯᠪᠠ᠃ ᠲᠡᠢᠨ ᠬᠦ ᠶᠦᠳᠠ ᠥᠪᠡᠷ ᠦᠨ ᠢᠶᠠᠨ ᠨᠤᠲᠤᠭ ᠠᠴᠠ ᠴᠥᠯᠡᠭᠳᠡᠵᠡᠢ᠃

22 ᠪᠠᠪᠢᠯᠣᠨ ᠤ ᠬᠠᠭᠠᠨ ᠨᠧᠪᠦ᠋ᠺᠠᠨᠧᠽᠠᠷ ᠶᠦᠳᠠ ᠳᠤ ᠦᠯᠡᠳᠡᠭᠡᠭᠰᠡᠨ ᠬᠥᠮᠦᠰ ᠢ ᠵᠠᠬᠢᠷᠤᠭᠤᠯᠬᠤ ᠪᠠᠷ ᠱᠠᠹᠠᠨ ᠤ ᠠᠴᠢ᠂ ᠠᠾᠢᠺᠠᠮ ᠤᠨ ᠬᠦᠦ ᠭᠧᠳᠠᠯᠢᠶ᠎ᠠ ᠶᠢ ᠲᠣᠮᠢᠯᠠᠪᠠ᠃ 23 ᠪᠠᠪᠢᠯᠣᠨ ᠤ ᠬᠠᠭᠠᠨ ᠪᠡᠷ ᠭᠧᠳᠠᠯᠢᠶ᠎ᠠ ᠶᠢ ᠵᠠᠬᠢᠷᠤᠭᠴᠢ ᠪᠠᠷ ᠲᠣᠮᠢᠯᠠᠭᠰᠠᠨ ᠢ ᠶᠦᠳᠠ ᠶᠢᠨ ᠴᠡᠷᠢᠭ ᠤᠨ ᠪᠦᠬᠦ ᠠᠬᠠᠮᠠᠳ ᠬᠠᠷᠢᠶ᠎ᠠ ᠬᠥᠮᠦᠰ ᠦᠨ ᠢᠶᠠᠨ ᠬᠠᠮᠲᠤ ᠰᠣᠨᠣᠰᠣᠭᠠᠳ ᠨᠧᠲ᠋ᠠᠨᠢᠶ᠎ᠠ ᠶᠢᠨ ᠬᠦᠦ ᠢᠱᠮᠠᠶᠧᠯ᠂ ᠺᠠᠷᠧᠶ᠎ᠠ ᠶᠢᠨ ᠬᠦᠦ ᠶᠣᠬᠠᠨᠠᠨ᠂ ᠨᠧᠲ᠋ᠣᠹᠠ ᠬᠥᠮᠦᠨ ᠲᠠᠨᠾᠦ᠋ᠮᠧᠲ ᠤᠨ ᠬᠦᠦ ᠰᠧᠷᠠᠢᠶ᠎ᠠ᠂ ᠮᠠᠺᠠ ᠬᠥᠮᠦᠨ ᠦ ᠬᠦᠦ ᠶᠠᠽᠠᠨᠢᠶ᠎ᠠ ᠨᠠᠷ ᠬᠠᠷᠢᠶ᠎ᠠ ᠬᠥᠮᠦᠰ ᠲᠡᠢ ᠪᠡᠨ ᠬᠠᠮᠲᠤ ᠮᠢᠽᠫᠠ ᠳᠠᠬᠢ ᠭᠧᠳᠠᠯᠢᠶ᠎ᠠ ᠳᠡᠭᠡᠷ᠎ᠡ ᠣᠴᠢᠵᠠᠭᠠᠪᠠ᠃ 24 ᠭᠧᠳᠠᠯᠢᠶ᠎ᠠ ᠲᠡᠳᠡ ᠪᠣᠯᠣᠨ ᠬᠠᠷᠢᠶ᠎ᠠ ᠬᠥᠮᠦᠰ ᠲᠤᠨᠢ ᠲᠠᠩ᠋ᠭᠠᠷᠢᠭᠯᠠᠵᠤ᠄ 《ᠪᠠᠪᠢᠯᠣᠨ ᠤ ᠲᠦᠰᠢᠮᠡᠳ ᠡᠴᠡ ᠪᠦᠦ ᠠᠶᠤ᠂ ᠡᠨᠡ ᠭᠠᠵᠠᠷ ᠲᠠᠭᠠᠨ ᠰᠠᠭᠤᠭᠰᠠᠭᠠᠷ ᠪᠠᠢᠵᠤ ᠪᠠᠪᠢᠯᠣᠨ ᠤ ᠬᠠᠭᠠᠨ ᠳᠤ ᠦᠢᠯᠡᠴᠢᠯᠡ᠃ ᠢᠩᠭᠢᠪᠡᠯ ᠲᠠ ᠨᠠᠷ ᠰᠠᠢᠨ ᠢ ᠠᠮᠰᠠᠨ᠎ᠠ》 ᠭᠡᠵᠦ ᠬᠡᠯᠡᠪᠡ᠃ 25 ᠬᠠᠷᠢᠨ ᠳᠣᠯᠣᠳᠤᠭᠠᠷ ᠰᠠᠷ᠎ᠠ ᠳᠤ ᠬᠠᠭᠠᠨ ᠤ ᠤᠭᠰᠠᠭᠠᠨ ᠤ ᠡᠯᠢᠱᠠᠮᠠ ᠶᠢᠨ ᠠᠴᠢ ᠨᠧᠲ᠋ᠠᠨᠢᠶ᠎ᠠ ᠶᠢᠨ ᠬᠦᠦ ᠢᠱᠮᠠᠶᠧᠯ ᠠᠷᠪᠠᠨ ᠡᠷ᠎ᠡ ᠳᠠᠭᠠᠭᠤᠯᠤᠨ ᠢᠷᠡᠭᠡᠳ ᠭᠧᠳᠠᠯᠢᠶ᠎ᠠ ᠪᠣᠯᠣᠨ ᠮᠢᠽᠫᠠ ᠳᠤ ᠲᠡᠭᠦᠨ ᠲᠡᠢ ᠬᠠᠮᠲᠤ ᠪᠠᠢᠭᠰᠠᠨ ᠶᠦᠳᠠᠴᠤᠳ᠂ ᠪᠠᠪᠢᠯᠣᠨᠴᠤᠳ ᠢ ᠴᠣᠬᠢᠵᠤ ᠠᠯᠠᠵᠠᠢ᠃ 26 ᠡᠢᠮᠦ ᠡᠴᠡ ᠠᠷᠠᠳ ᠣᠯᠠᠨ ᠪᠣᠯᠣᠨ ᠴᠡᠷᠢᠭ ᠤᠨ ᠠᠬᠠᠮᠠᠳ ᠪᠦᠭᠦᠳᠡᠭᠡᠷ ᠢᠶᠡᠨ ᠶᠡᠬᠡ ᠪᠠᠭ᠎ᠠ ᠢᠯᠭᠠᠯ ᠦᠭᠡᠢ ᠪᠠᠪᠢᠯᠣᠨᠴᠤᠳ ᠠᠴᠠ ᠠᠶᠤᠵᠤ᠂ ᠶᠧᠵᠢᠫᠲ ᠤᠷᠤᠭᠤ ᠬᠥᠳᠡᠯᠦᠨ ᠶᠠᠪᠤᠵᠠᠢ᠃
 ᠶᠧᠬᠣᠢᠶᠠᠺᠢᠨ ᠰᠤᠯᠠᠯᠠᠭᠳᠠᠪᠠ

27 ᠶᠦᠳᠠ ᠶᠢᠨ ᠬᠠᠭᠠᠨ ᠶᠧᠬᠣᠢᠶᠠᠺᠢᠨ ᠤ ᠴᠥᠯᠡᠭᠳᠡᠭᠰᠡᠨ ᠦ ᠭᠤᠴᠢᠨ ᠳᠣᠯᠣᠳᠠᠬᠢ ᠵᠢᠯ ᠳᠤ᠂ ᠪᠠᠪᠢᠯᠣᠨ ᠤ ᠬᠠᠭᠠᠨ ᠡᠸᠢᠯ ᠮᠧᠷᠣᠳᠠᠺ ᠬᠠᠭᠠᠨ ᠪᠣᠯᠵᠤ᠂ ᠲᠡᠷᠡ ᠵᠢᠯ ᠤᠨ ᠠᠷᠪᠠᠨ ᠬᠣᠶᠠᠳᠤᠭᠠᠷ ᠰᠠᠷ᠎ᠠ ᠶᠢᠨ ᠬᠣᠷᠢᠨ ᠳᠣᠯᠣᠭᠠᠨ ᠤ ᠡᠳᠦᠷ ᠶᠦᠳᠠ ᠶᠢᠨ ᠬᠠᠭᠠᠨ ᠶᠧᠬᠣᠢᠶᠠᠺᠢᠨ ᠢ ᠭᠢᠨᠳᠠᠨ ᠠᠴᠠ ᠰᠤᠯᠠᠯᠠᠪᠠ 28 28 ᠲᠡᠷᠡ ᠪᠡᠷ ᠶᠧᠬᠣᠢᠶᠠᠺᠢᠨ ᠲᠠᠢ ᠡᠯᠢᠭᠡᠰᠡᠭ ᠳᠣᠲᠣᠨᠣ ᠶᠠᠷᠢᠵᠤ᠂ ᠲᠡᠭᠦᠨ ᠲᠡᠢ ᠬᠠᠮᠲᠤ ᠪᠠᠪᠢᠯᠣᠨ ᠳᠤ ᠪᠠᠢᠭ᠎ᠠ ᠪᠤᠰᠤᠳ ᠬᠠᠭᠠᠳ ᠤᠨ ᠰᠠᠭᠤᠳᠠᠯ ᠠᠴᠠ ᠬᠦᠨᠳᠦᠲᠦ ᠰᠠᠭᠤᠳᠠᠯ ᠢ ᠲᠡᠭᠦᠨ ᠳᠦ ᠥᠭᠪᠡ᠃ 29 ᠢᠩᠭᠢᠭᠡᠳ ᠶᠧᠬᠣᠢᠶᠠᠺᠢᠨ ᠭᠢᠨᠳᠠᠨ ᠤ ᠬᠤᠪᠴᠠᠰᠤ ᠪᠠᠨ ᠲᠠᠢᠯᠵᠤ ᠰᠣᠯᠢᠭᠰᠠᠨ ᠪᠥᠭᠡᠳ ᠦᠯᠡᠳᠡᠭᠰᠡᠨ ᠠᠮᠢᠳᠤᠷᠠᠯ ᠤᠨ ᠢᠶᠠᠨ ᠪᠦᠬᠦ ᠡᠳᠦᠷ ᠤᠳ ᠢᠶᠠᠷ ᠪᠠᠢᠩ᠋ᠭᠤ ᠬᠠᠭᠠᠨ ᠤ ᠰᠢᠷᠡᠭᠡᠨ ᠳᠦ ᠬᠣᠭᠣᠯᠠᠯᠠᠪᠠ᠃ 30 ᠬᠠᠭᠠᠨ ᠲᠡᠭᠦᠨ ᠳᠦ ᠠᠮᠢᠳᠤᠷᠠᠯ ᠤᠨ ᠬᠢᠨᠢ ᠪᠦᠬᠦ ᠬᠤᠭᠤᠴᠠᠭᠠᠨ ᠳᠤ ᠡᠳᠦᠷ ᠪᠦᠷᠢ ᠶᠢᠨ ᠬᠤᠪᠢ ᠪᠣᠯᠬᠤ ᠲᠣᠭᠲᠠᠮᠠᠯ ᠲᠡᠳᠬᠦᠮᠵᠢ ᠶᠢ ᠬᠠᠩ᠋ᠭᠠᠳᠠᠭ ᠪᠠᠢᠪᠠ᠃