ᠳᠠᠭᠤᠯᠠᠯ ᠨᠢᠭᠡ
s ᠨᠢᠭᠡᠳᠦᠭᠡᠷ ᠨᠣᠮ
r (ᠳᠠᠭᠤᠯᠠᠯ 1—41)
ᠬᠣᠶᠠᠷ ᠵᠠᠮ
1 ᠪᠤᠶᠠᠨ ᠲᠠᠢ ᠬᠥᠮᠦᠨ ᠪᠣᠯ ᠪᠤᠷᠤᠭᠤᠲᠠᠳ ᠤᠨ ᠵᠥᠪᠯᠡᠯᠭᠡ ᠪᠡᠷ ᠶᠠᠪᠤᠳᠠᠭ ᠦᠭᠡᠢ ᠨᠢᠭᠦᠯᠲᠡᠳ ᠦᠨ ᠵᠠᠮ ᠳᠡᠭᠡᠷ᠎ᠡ ᠵᠣᠭᠰᠣᠳᠠᠭ ᠦᠭᠡᠢ ᠪᠠᠰᠤᠮᠵᠢᠯᠠᠭᠴᠢᠳ ᠤᠨ ᠰᠠᠭᠤᠳᠠᠯ ᠳᠤ ᠰᠠᠭᠤᠳᠠᠭ ᠦᠭᠡᠢ᠂
2 ᠬᠠᠷᠢᠨ ᠶᠣᠬᠣᠸᠠ ᠶᠢᠨ ᠬᠠᠤᠯᠢ ᠳᠤ ᠪᠠᠶᠠᠷᠯᠠᠵᠤ ᠲᠡᠭᠦᠨ ᠦ ᠰᠤᠷᠭᠠᠯ ᠢ ᠡᠳᠦᠷ ᠰᠥᠨᠢ ᠦᠭᠡᠢ ᠪᠢᠰᠢᠯᠭᠠᠳᠠᠭ ᠪᠢᠯᠡ᠃
3 ᠲᠡᠷᠡ ᠤᠷᠤᠰᠬᠠᠯ ᠤᠰᠤᠨ ᠤ ᠳᠡᠷᠭᠡᠳᠡ ᠲᠠᠷᠢᠭᠰᠠᠨ ᠮᠣᠳᠣ ᠠᠳᠠᠯᠢ ᠤᠯᠠᠷᠢᠯ ᠳᠠᠭᠠᠨ ᠦᠷ᠎ᠡ ᠵᠢᠮᠢᠰ ᠢᠶᠠᠨ ᠭᠠᠷᠭᠠᠳᠠᠭ᠂ ᠨᠠᠪᠴᠢᠰ ᠨᠢ ᠬᠠᠲᠠᠳᠠᠭ ᠦᠭᠡᠢ᠂ ᠦᠢᠯᠡᠳᠬᠦ ᠪᠦᠬᠦᠨ ᠨᠢ ᠤᠷᠤᠭᠰᠢᠲᠠᠢ᠃
4 ᠪᠤᠷᠤᠭᠤᠲᠠᠳ ᠪᠣᠯ ᠲᠡᠢᠮᠦ ᠪᠢᠰᠢ ᠰᠠᠯᠬᠢᠨ ᠳᠤ ᠬᠡᠶᠢᠰᠳᠡᠭ ᠬᠡᠪᠡᠭ ᠮᠡᠲᠦ᠂
5 ᠲᠡᠢᠮᠦ ᠡᠴᠡ ᠪᠤᠷᠤᠭᠤᠲᠠᠳ ᠰᠢᠭᠦᠯᠲᠡ ᠳᠦ᠂ ᠨᠢᠭᠦᠯᠲᠡᠳ ᠵᠥᠪᠲᠡᠳ ᠦᠨ ᠴᠤᠭᠯᠠᠭᠠᠨ ᠳᠤ ᠵᠣᠭᠰᠣᠬᠤ ᠦᠭᠡᠢ᠃
6 ᠵᠥᠪᠲᠡᠳ ᠦᠨ ᠵᠠᠮ ᠢ ᠶᠣᠬᠣᠸᠠ ᠮᠡᠳᠡᠵᠦ ᠪᠠᠢᠨ᠎ᠠ ᠬᠠᠷᠢᠨ ᠪᠤᠷᠤᠭᠤᠲᠠᠳ ᠤᠨ ᠵᠠᠮ ᠮᠥᠬᠥᠬᠦ ᠪᠣᠯᠣᠨ᠎ᠠ᠃