ᠳᠠᠭᠤᠯᠠᠯ ᠨᠠᠶᠠ
ᠦᠨᠳᠦᠰᠦᠲᠡᠨ ᠦ ᠪᠠᠨ ᠰᠡᠷᠭᠦᠯᠲᠡ ᠶᠢ ᠭᠤᠶᠤᠪᠠ
ᠠᠰᠠᠹ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠭᠡᠷᠡᠲᠦ ᠰᠠᠷᠠᠨ᠎ᠠ ᠴᠡᠴᠡᠭ》 ᠤᠨ ᠠᠶ᠎ᠠ ᠳᠡᠭᠡᠷ᠎ᠡ᠃
1 ᠢᠰᠷᠧᠯ ᠤᠨ ᠬᠣᠨᠢᠴᠢᠨ ᠲᠠ ᠶᠣᠰᠧᠹ ᠢ ᠬᠣᠨᠢᠨ ᠰᠦᠷᠦᠭ ᠢ ᠤᠳᠤᠷᠢᠳᠬᠤ ᠮᠡᠲᠦ ᠤᠳᠤᠷᠢᠳᠳᠠᠭ ᠲᠠ ᠴᠢᠬᠢ ᠲᠠᠯᠪᠢᠭᠠᠴᠢ ᠺᠧᠷᠣᠪ ᠤᠳ ᠤᠨ ᠳᠡᠭᠡᠭᠦᠷ ᠵᠠᠯᠠᠷᠠᠭᠴᠢ ᠲᠠ ᠭᠡᠷᠡᠯᠲᠦᠭᠡᠴᠢ᠃
2 ᠡᠹᠷᠠᠢᠮ᠂ ᠪᠢᠨᠶᠠᠮᠢᠨ ᠪᠣᠯᠣᠨ ᠮᠠᠨᠠᠰᠧ ᠶᠢᠨ ᠡᠮᠦᠨ᠎ᠡ ᠬᠦᠴᠦ ᠪᠡᠨ ᠦᠵᠡᠭᠦᠯᠵᠦ ᠪᠢᠳᠡᠨ ᠢ ᠠᠪᠤᠷᠠᠬᠤ ᠪᠠᠷ ᠢᠷᠡᠭᠡᠴᠢ︕
3 ᠪᠤᠷᠬᠠᠨ᠂ ᠪᠢᠳᠡᠨ ᠢ ᠰᠡᠷᠭᠦᠭᠡᠭᠡᠴᠢ ᠨᠢᠭᠤᠷ ᠢᠶᠠᠨ ᠭᠡᠷᠡᠯᠲᠦᠭᠦᠯᠦᠭᠡᠴᠢ ᠪᠢᠳᠡ ᠠᠪᠤᠷᠠᠭᠳᠠᠬᠤ ᠶᠤᠮ ᠰᠠᠨ᠃
4 ᠠᠤᠭ᠎ᠠ ᠬᠦᠴᠦᠲᠦ ᠪᠤᠷᠬᠠᠨ ᠶᠣᠬᠣᠸᠠ ᠠᠷᠠᠳ ᠲᠦᠮᠡᠨ ᠦ ᠪᠠᠨ ᠳᠠᠭᠠᠳᠬᠠᠯ ᠳᠤ ᠬᠡᠳᠦᠢ ᠪᠣᠯᠲᠠᠯ᠎ᠠ ᠠᠭᠤᠷᠯᠠᠭᠰᠠᠭᠠᠷ ᠪᠠᠢᠬᠤ ᠪᠤᠢ︖
5 ᠲᠡᠳᠡᠨ ᠢ ᠲᠠ ᠨᠢᠯᠪᠤᠰᠤᠨ ᠬᠦᠨᠡᠰᠦ ᠪᠡᠷ ᠬᠣᠭᠣᠯᠠᠯᠠᠵᠤ ᠲᠡᠳᠡᠨ ᠳᠦ ᠶᠡᠬᠡ ᠨᠢᠯᠪᠤᠰᠤ ᠤᠤᠭᠤᠯᠭᠠᠭᠰᠠᠨ᠃
6 ᠪᠢᠳᠡᠨ ᠢ ᠬᠥᠷᠰᠢ ᠨᠦᠭᠦᠳ ᠦᠨ ᠮᠢᠨᠢ ᠮᠠᠷᠭᠤᠭᠠᠨ ᠤ ᠪᠠᠢ ᠪᠣᠯᠭᠠᠭᠰᠠᠨ᠂ ᠪᠢᠳᠡᠨ ᠦ ᠳᠠᠢᠰᠤᠨ ᠨᠤᠭᠤᠳ ᠬᠣᠭᠣᠷᠣᠨᠳᠣ ᠪᠠᠨ ᠢᠨᠢᠶᠡᠯᠳᠦᠳᠡᠭ᠌᠃
7 ᠠᠤᠭ᠎ᠠ ᠬᠦᠴᠦᠲᠦ ᠪᠤᠷᠬᠠᠨ᠂ ᠪᠢᠳᠡᠨ ᠢ ᠰᠡᠷᠭᠦᠭᠡᠭᠡᠴᠢ ᠨᠢᠭᠤᠷ ᠢᠶᠠᠨ ᠭᠡᠷᠡᠯᠲᠦᠭᠦᠯᠦᠭᠡᠴᠢ᠂ ᠪᠢᠳᠡ ᠠᠪᠤᠷᠠᠭᠳᠠᠬᠤ ᠶᠤᠮ ᠰᠠᠨ᠃
8 ᠲᠠ ᠦᠵᠦᠮ ᠦᠨ ᠮᠣᠳᠣ ᠶᠢ ᠶᠧᠵᠢᠫᠲ ᠡᠴᠡ ᠠᠪᠴᠢᠷᠠᠭᠰᠠᠨ ᠪᠢᠯᠡ᠂ ᠡᠭᠦᠨ ᠢ ᠰᠠᠭᠤᠯᠠᠭᠠᠬᠤ ᠪᠠᠷ ᠦᠨᠳᠦᠰᠦᠲᠡᠨ ᠨᠦᠭᠦᠳ ᠢ ᠵᠠᠢᠯᠠᠭᠤᠯᠵᠠᠢ᠂
9 ᠬᠥᠷᠥᠰᠥ ᠶᠢ ᠨᠢ ᠴᠡᠪᠡᠷᠯᠡᠭᠰᠡᠨ ᠢᠶᠡᠷ ᠲᠡᠷᠡ ᠦᠨᠳᠦᠰᠦ ᠪᠡᠨ ᠰᠠᠭᠤᠯᠭᠠᠵᠤ ᠭᠠᠵᠠᠷ ᠢ ᠳᠦᠭᠦᠷᠭᠡᠪᠡ᠂
10 ᠲᠡᠷᠡ ᠰᠡᠭᠦᠳᠡᠷ ᠢᠶᠡᠷ ᠢᠶᠠᠨ ᠠᠭᠤᠯᠠᠰ ᠢ ᠰᠠᠯᠠᠭ᠎ᠠ ᠨᠤᠭᠤᠳ ᠢᠶᠠᠷ ᠢᠶᠠᠨ ᠠᠤᠭ᠎ᠠ ᠬᠤᠱᠢ ᠮᠣᠳᠣ ᠶᠢ ᠪᠦᠷᠬᠦᠵᠦ
11 ᠮᠥᠴᠢᠷ ᠢᠶᠠᠨ ᠳᠠᠯᠠᠢ ᠬᠦᠷᠲᠡᠯ᠎ᠡ ᠨᠠᠮᠠᠭ᠎ᠠ ᠪᠠᠨ ᠮᠥᠷᠡᠨ ᠬᠦᠷᠲᠡᠯ᠎ᠡ ᠰᠤᠩ᠋ᠭᠠᠭᠰᠠᠨ ᠪᠢᠯᠡ᠂
12 ᠶᠠᠭᠠᠬᠢᠭᠠᠳ ᠲᠠ ᠲᠡᠭᠦᠨ ᠦ ᠬᠠᠰᠢᠶ᠎ᠠ ᠶᠢ ᠨᠤᠷᠠᠭᠠᠵᠤ ᠵᠠᠮ ᠢᠶᠠᠷ ᠶᠠᠪᠤᠵᠤ ᠥᠩᠭᠡᠷᠡᠭᠴᠢ ᠪᠦᠬᠦᠨ ᠢ ᠲᠡᠭᠦᠨ ᠡᠴᠡ ᠲᠡᠭᠦᠯᠭᠡᠵᠦ ᠪᠠᠢᠨ᠎ᠠ ᠪᠤᠢ︖
13 ᠣᠢ ᠶᠢᠨ ᠵᠡᠷᠯᠢᠭ ᠭᠠᠬᠠᠢ ᠲᠡᠭᠦᠨ ᠢ ᠲᠠᠰᠤᠳᠠᠴᠢᠵᠤ ᠬᠡᠭᠡᠷ᠎ᠡ ᠶᠢᠨ ᠠᠮᠢᠲᠠᠨ ᠪᠦᠬᠦᠨ ᠲᠡᠭᠦᠨ ᠢᠶᠡᠷ ᠬᠣᠭᠣᠯᠠᠯᠠᠵᠤ ᠪᠠᠢᠨ᠎ᠠ᠃
14 ᠠᠤᠭ᠎ᠠ ᠬᠦᠴᠦᠲᠦ ᠪᠤᠷᠬᠠᠨ᠂ ᠪᠤᠴᠠᠭᠠᠳ ᠢᠷᠡᠭᠡᠴᠢ ᠲᠩᠷᠢ ᠡᠴᠡ ᠥᠩᠭᠡᠶᠢᠨ ᠬᠠᠷᠠᠭᠠᠴᠢ᠂ ᠬᠠᠷᠠᠭᠠᠴᠢ᠂ ᠦᠵᠦᠮ ᠦᠨ ᠮᠣᠳᠣ ᠪᠠᠨ
15 ᠪᠠᠷᠠᠭᠤᠨ ᠮᠤᠲᠤᠷ ᠢᠶᠠᠷ ᠰᠠᠭᠤᠯᠭᠠᠭᠰᠠᠨ ᠦᠨᠳᠦᠰᠦ ᠪᠡᠨ ᠪᠠᠲᠤᠵᠢᠭᠤᠯᠤᠭᠰᠠᠨ ᠮᠥᠴᠢᠷ ᠢᠶᠠᠨ ᠬᠠᠯᠠᠮᠵᠢᠯᠠᠭᠠᠴᠢ᠃
16 ᠲᠠᠨ ᠤ ᠦᠵᠦᠮ ᠴᠠᠪᠴᠢᠭᠳᠠᠵᠤ ᠭᠠᠯ ᠳᠤ ᠰᠢᠲᠠᠵᠤ ᠪᠠᠢᠨ᠎ᠠ᠂ ᠲᠠᠨ ᠤ ᠵᠢᠮᠡᠯᠡᠯ ᠢᠶᠡᠷ ᠲᠡᠷᠡ ᠰᠥᠨᠥᠬᠦ ᠪᠤᠢ᠃
17 ᠲᠠᠨ ᠤ ᠮᠤᠲᠤᠷ ᠲᠠᠨ ᠤ ᠪᠠᠷᠠᠭᠤᠨ ᠲᠠᠯ᠎ᠠ ᠶᠢᠨ ᠬᠥᠮᠦᠨ ᠳᠡᠭᠡᠷ᠎ᠡ ᠥᠪᠡᠷ ᠦᠨ ᠢᠶᠠᠨ ᠲᠥᠯᠥᠭᠡ ᠪᠠᠲᠤᠵᠢᠭᠤᠯᠤᠭᠰᠠᠨ ᠬᠥᠮᠦᠨ ᠦ ᠬᠦᠦ ᠶᠢᠨ ᠳᠡᠭᠡᠷ᠎ᠡ ᠪᠠᠢᠬᠤ ᠪᠣᠯᠲᠤᠭᠠᠢ᠃
18 ᠪᠢᠳᠡ ᠲᠠᠨ ᠠᠴᠠ ᠡᠷᠭᠢᠬᠦ ᠦᠭᠡᠢ ᠪᠢᠳᠡᠨ ᠢ ᠠᠮᠢᠯᠠᠭᠤᠯᠤᠭᠠᠴᠢ᠂ ᠪᠢᠳᠡ ᠲᠠᠨ ᠤ ᠨᠡᠷ᠎ᠡ ᠶᠢ ᠳᠠᠭᠤᠳᠠᠨ᠎ᠠ᠃
19 ᠠᠤᠭ᠎ᠠ ᠬᠦᠴᠦᠲᠦ ᠪᠤᠷᠬᠠᠨ᠂ ᠪᠢᠳᠡᠨ ᠢ ᠰᠡᠷᠭᠦᠭᠡᠭᠡᠴᠢ ᠨᠢᠭᠤᠷ ᠢᠶᠠᠨ ᠭᠡᠷᠡᠯᠲᠦᠭᠦᠯᠦᠭᠡᠴᠢ ᠪᠢᠳᠡ ᠠᠪᠤᠷᠠᠭᠳᠠᠬᠤ ᠶᠤᠮ ᠰᠠᠨ᠃