ᠳᠠᠭᠤᠯᠠᠯ ᠠᠷᠪᠠᠨ ᠵᠢᠷᠭᠤᠭ᠎ᠠ
ᠰᠠᠢᠬᠠᠨ ᠥᠪ
ᠳ᠋ᠠᠸᠢᠳ᠋ ᠤᠨ ᠮᠢᠺᠲᠠᠮ᠃
1 ᠨᠠᠮᠠᠶᠢ ᠬᠠᠮᠠᠭᠠᠯᠠᠭᠠᠴᠢ᠂ ᠪᠤᠷᠬᠠᠨ ᠪᠢ ᠲᠠᠨ ᠤ ᠳᠣᠲᠣᠷ᠎ᠠ ᠬᠣᠷᠭᠣᠳᠠᠳᠠᠭ᠃
2 ᠪᠢ ᠶᠣᠬᠣᠸᠠ ᠳᠤ 《ᠲᠠ ᠮᠢᠨᠦ ᠡᠵᠡᠨ ᠲᠠᠨ ᠠᠴᠠ ᠭᠠᠳᠠᠨ᠎ᠠ ᠰᠠᠢᠨ 4 ᠨᠢ ᠨᠠᠳᠠ ᠳᠤ ᠦᠭᠡᠢ》 ᠭᠡᠳᠡᠭ᠃
3 ᠭᠠᠵᠠᠷ ᠳᠡᠭᠡᠷᠡᠬᠢ ᠠᠷᠢᠭᠤᠨ ᠬᠥᠮᠦᠰ ᠪᠣᠯ ᠡᠷᠬᠢᠮ ᠬᠠᠮᠤᠭ ᠪᠠᠶᠠᠰᠤᠯ ᠮᠢᠨᠢ ᠲᠡᠳᠡᠨ ᠳᠦ ᠪᠤᠢ᠃
4 ᠥᠭᠡᠷ᠎ᠡ ᠪᠤᠷᠬᠠᠳ ᠤᠨ ᠠᠷᠤ ᠠᠴᠠ ᠭᠦᠶᠦᠭᠴᠢᠳ ᠤᠨ ᠳᠡᠭᠡᠷ᠎ᠡ ᠵᠣᠪᠠᠯᠠᠩ ᠨᠡᠮᠡᠭᠳᠡᠨ᠎ᠡ ᠲᠡᠳᠡᠨ ᠦ ᠴᠢᠰᠤᠨ ᠤᠮᠳᠠᠭᠠᠨ ᠲᠠᠬᠢᠯ ᠢ ᠪᠢ ᠡᠷᠭᠦᠬᠦ ᠦᠭᠡᠢ ᠲᠡᠳᠡᠨ ᠦ ᠨᠡᠷᠡᠰ ᠢ ᠴᠤ ᠣᠷᠣᠭᠤᠯ ᠮᠢᠨᠢ ᠳᠠᠭᠤᠳᠠᠬᠤ ᠦᠭᠡᠢ᠃
5 ᠮᠢᠨᠦ ᠥᠮᠴᠢ᠂ ᠠᠶᠠᠭᠠᠨ ᠤ ᠬᠤᠪᠢ ᠪᠣᠯ ᠶᠣᠬᠣᠸᠠ ᠲᠠ ᠮᠢᠨᠦ ᠬᠤᠪᠢ ᠵᠠᠶᠠᠭ᠎ᠠ ᠶᠢ ᠠᠳᠬᠤᠭᠴᠢ ᠨᠢ ᠲᠠ ᠪᠢᠯᠡ᠃
6 ᠥᠪᠡᠷ ᠢᠶᠡᠨ ᠬᠡᠮᠵᠢᠵᠦ ᠨᠠᠳᠠ ᠳᠤ ᠬᠦᠷᠲᠡᠭᠡᠭᠰᠡᠨ ᠬᠤᠪᠢ ᠨᠢ ᠲᠠᠭᠠᠯᠠᠮᠵᠢᠲᠠᠢ᠂ ᠥᠪ ᠮᠢᠨᠢ ᠦᠨᠡᠬᠡᠷ ᠰᠠᠢᠬᠠᠨ᠃
7 ᠨᠠᠳᠠ ᠳᠤ ᠵᠥᠪᠯᠡᠳᠡᠭ ᠶᠣᠬᠣᠸᠠ ᠶᠢ ᠪᠢ ᠮᠠᠭᠲᠠᠨ᠎ᠠ ᠰᠥᠨᠢ ᠪᠠᠷ ᠴᠤ ᠮᠥᠰᠥ ᠴᠢᠨᠠᠷ ᠮᠢᠨᠢ ᠨᠠᠮᠠᠶᠢ ᠰᠤᠷᠭᠠᠳᠠᠭ᠃
8 ᠶᠣᠬᠣᠸᠠ ᠶᠢ ᠪᠢ ᠢᠮᠠᠭᠲᠠ ᠡᠮᠦᠨ᠎ᠡ ᠪᠡᠨ ᠲᠠᠯᠪᠢᠳᠠᠭ ᠲᠡᠷᠡ ᠮᠢᠨᠦ ᠪᠠᠷᠠᠭᠤᠨ ᠲᠠᠯ᠎ᠠ ᠳᠤ ᠪᠠᠢᠳᠠᠭ ᠤᠴᠢᠷ ᠠᠴᠠ ᠪᠢ ᠭᠠᠩ᠋ᠬᠤᠬᠤ ᠦᠭᠡᠢ᠃
9 ᠲᠡᠢᠮᠦ ᠡᠴᠡ ᠵᠢᠷᠦᠬᠡ ᠮᠢᠨᠢ ᠪᠠᠶᠠᠷᠯᠠᠨ᠂ ᠰᠦᠨᠡᠰᠦ ᠮᠢᠨᠢ ᠪᠠᠶᠠᠰᠴᠤ ᠪᠡᠶ᠎ᠡ ᠮᠢᠨᠢ ᠴᠤ ᠠᠶᠤᠯ ᠦᠭᠡᠢ ᠠᠮᠠᠷᠠᠨ᠎ᠠ᠃
10 ᠤᠴᠢᠷ ᠨᠢ ᠲᠠ ᠠᠮᠢ ᠶᠢ ᠮᠢᠨᠢ ᠦᠬᠦᠭᠰᠡᠳ ᠦᠨ ᠣᠷᠣᠨ ᠳᠤ ᠣᠷᠬᠢᠬᠤ ᠦᠭᠡᠢ ᠦᠨᠡᠨᠴᠢ ᠨᠢᠭᠡᠨ ᠳᠡᠭᠡᠨ ᠢᠯᠵᠢᠷᠡᠯ ᠢ ᠦᠵᠡᠭᠦᠯᠬᠦ ᠦᠭᠡᠢ᠃
11 ᠲᠠ ᠠᠮᠢ ᠶᠢᠨ ᠵᠠᠮ ᠢ ᠨᠠᠳᠠ ᠳᠤ ᠮᠡᠳᠡᠭᠦᠯᠦᠭᠰᠡᠨ ᠲᠠᠨ ᠤ ᠡᠮᠦᠨ᠎ᠡ ᠯᠠ ᠪᠠᠶᠠᠷ ᠬᠥᠷ ᠮᠢᠨᠢ ᠳᠦᠭᠦᠷᠡᠩ ᠪᠠᠢᠳᠠᠭ᠂ ᠲᠠᠨ ᠤ ᠪᠠᠷᠠᠭᠤᠨ ᠮᠤᠲᠤᠷ ᠲᠤ ᠡᠭᠦᠷᠢᠳᠡ ᠶᠢᠨ ᠲᠠᠭᠠᠯᠠᠯ ᠪᠤᠢ᠃