ᠳᠠᠭᠤᠯᠠᠯ ᠶᠡᠷᠡᠨ ᠬᠣᠶᠠᠷ
ᠪᠤᠷᠬᠠᠨ ᠤ ᠰᠠᠢᠨ ᠰᠠᠢᠬᠠᠨ ᠳᠤ ᠪᠠᠶᠠᠷᠯᠠᠬᠤ ᠨᠢ
ᠳᠠᠭᠤᠯᠠᠯ᠂ ᠠᠮᠠᠷᠠᠯ ᠤᠨ ᠡᠳᠦᠷ ᠦᠨ ᠳᠠᠭᠤᠤ᠃
1 ᠶᠣᠬᠣᠸᠠ ᠳᠤ ᠲᠠᠯᠠᠷᠬᠠᠯ ᠢ ᠡᠷᠭᠦᠨ ᠬᠠᠮᠤᠭ ᠤᠨ ᠳᠡᠭᠡᠳᠦ ᠲᠠᠨ ᠤ ᠨᠡᠷ᠎ᠡ ᠶᠢ ᠮᠠᠭᠲᠠᠬᠤ ᠨᠢ᠂
2 ᠥᠷᠯᠥᠭᠡ ᠲᠠᠨ ᠤ ᠦᠨᠡᠨ ᠬᠠᠢᠷ᠎ᠠ ᠶᠢ ᠦᠳᠡᠰᠢ ᠲᠠᠨ ᠤ ᠢᠲᠡᠭᠡᠮᠵᠢᠲᠦ ᠪᠠᠢᠳᠠᠯ ᠢ
3 ᠠᠷᠪᠠᠨ ᠤᠲᠠᠰᠤᠲᠤ ᠬᠥᠭᠵᠢᠮ ᠢᠶᠠᠷ ᠶᠠᠲᠤᠭ᠎ᠠ ᠪᠣᠯᠣᠨ ᠬᠤᠭᠤᠷ ᠤᠨ ᠡᠭᠡᠰᠢᠭ ᠢᠶᠠᠷ ᠲᠤᠩ᠋ᠬᠠᠭᠯᠠᠬᠤ ᠨᠢ ᠰᠠᠢᠨ᠃
4 ᠶᠣᠬᠣᠸᠠ ᠲᠠ ᠨᠠᠮᠠᠶᠢ ᠦᠢᠯᠡᠰ ᠢᠶᠡᠷ ᠢᠶᠠᠨ ᠪᠠᠶᠠᠷᠯᠠᠭᠤᠯᠤᠭᠰᠠᠨ ᠲᠠᠨ ᠤ ᠭᠠᠷ ᠤᠨ ᠦᠢᠯᠡ ᠶᠢᠨ ᠤᠯᠠᠮ ᠢᠶᠠᠷ ᠪᠢ ᠪᠠᠶᠠᠰᠤᠨ ᠳᠠᠭᠤᠯᠠᠨ᠎ᠠ᠃
5 ᠶᠣᠬᠣᠸᠠ᠂ ᠲᠠᠨ ᠤ ᠦᠢᠯᠡᠰ ᠶᠠᠭᠤᠲᠠᠢ ᠠᠭᠤᠤ ᠲᠠᠨ ᠤ ᠰᠠᠨᠠᠭ᠎ᠠ ᠶᠠᠭᠤᠲᠠᠢ ᠭᠦᠨ ᠪᠤᠢ︕
6 ᠬᠠᠷᠢᠨ ᠮᠡᠳᠡᠷᠡᠮᠵᠢ ᠦᠭᠡᠢ ᠬᠥᠮᠦᠨ ᠣᠢᠯᠠᠭᠠᠬᠤ ᠦᠭᠡᠢ ᠮᠤᠩ᠋ᠬᠠᠭ ᠬᠥᠮᠦᠨ ᠤᠬᠠᠭᠠᠷᠠᠬᠤ ᠦᠭᠡᠢ᠃
7 ᠪᠤᠷᠤᠭᠤᠲᠠᠳ ᠡᠪᠡᠰᠦ ᠰᠢᠭ ᠰᠣᠶᠣᠭᠠᠯᠠᠵᠤ ᠪᠤᠵᠠᠷ ᠢ ᠦᠢᠯᠡᠳᠦᠭᠴᠢᠳ ᠪᠦᠭᠦᠳᠡ ᠴᠡᠴᠡᠭᠯᠡᠬᠦ ᠪᠠᠢᠭᠰᠠᠨ ᠴᠤ ᠲᠡᠳᠡ ᠡᠭᠦᠷᠢᠳᠡ ᠶᠢᠨ ᠰᠦᠢᠷᠡᠯ ᠳᠦ ᠣᠷᠣᠨ᠎ᠠ᠃
8 ᠬᠠᠷᠢᠨ ᠶᠣᠬᠣᠸᠠ ᠲᠠ ᠮᠥᠩᠬᠡᠳᠡ ᠡᠷᠬᠢᠮ ᠳᠡᠭᠡᠳᠦ ᠪᠢᠯᠡ᠃
9 ᠶᠣᠬᠣᠸᠠ᠂ ᠲᠠᠨ ᠤ ᠳᠠᠢᠰᠤᠨ ᠨᠤᠭᠤᠳ ᠯᠠᠪᠲᠠᠢ ᠲᠠᠨ ᠤ ᠳᠠᠢᠰᠤᠨ ᠨᠤᠭᠤᠳ ᠯᠠᠪᠲᠠᠢ ᠰᠥᠨᠥᠬᠦ ᠪᠣᠯᠣᠨ᠎ᠠ ᠪᠤᠵᠠᠷ ᠢ ᠦᠢᠯᠡᠳᠦᠭᠴᠢᠳ ᠪᠦᠭᠦᠳᠡ ᠪᠤᠲᠠᠷᠠᠨ᠎ᠠ᠃
10 ᠬᠠᠷᠢᠨ ᠲᠠ ᠮᠢᠨᠦ ᠡᠪᠡᠷ ᠢ ᠵᠡᠷᠯᠢᠭ ᠦᠬᠡᠷ ᠦᠨ ᠬᠢ ᠮᠡᠲᠦ ᠡᠷᠭᠦᠮᠵᠢᠯᠡᠭᠰᠡᠨ ᠮᠢᠨᠦ ᠳᠡᠭᠡᠷ᠎ᠡ ᠰᠢᠨᠡᠬᠡᠨ ᠲᠣᠰᠣ ᠶᠢ ᠴᠢᠳᠬᠤᠭᠰᠠᠨ᠃
11 ᠮᠢᠨᠦ ᠨᠢᠳᠦ ᠳᠠᠢᠰᠤᠨ ᠨᠤᠭᠤᠳ ᠢ ᠬᠠᠷᠠᠵᠤ ᠮᠢᠨᠦ ᠴᠢᠬᠢ ᠨᠠᠳᠠ ᠳᠤ ᠮᠠᠭᠤ ᠶᠢ ᠦᠢᠯᠡᠳᠬᠦ ᠪᠡᠷ ᠪᠣᠰᠣᠭᠴᠢᠳ ᠤᠨ ᠬᠢ ᠶᠢ ᠣᠯᠵᠤ ᠰᠣᠨᠣᠰᠳᠠᠭ᠃
12 ᠵᠥᠪᠲᠡᠨ ᠳᠠᠯᠳᠠᠤ ᠮᠣᠳᠣ ᠮᠡᠲᠦ ᠴᠡᠴᠡᠭᠯᠡᠵᠦ ᠯᠧᠪᠠᠨᠣᠨ ᠤ ᠬᠤᠱᠢ ᠮᠣᠳᠣ ᠰᠢᠭ᠋ ᠤᠷᠭᠤᠨ᠎ᠠ
13 ᠲᠡᠳᠡ ᠶᠣᠬᠣᠸᠠ ᠶᠢᠨ ᠥᠷᠭᠥᠭᠡᠨ ᠳᠦ ᠲᠠᠷᠢᠭᠳᠠᠭᠰᠠᠨ ᠲᠡᠳᠡ ᠪᠢᠳᠡᠨ ᠦ ᠪᠤᠷᠬᠠᠨ ᠤ ᠬᠦᠷᠢᠶᠡᠨ ᠳᠦ ᠴᠡᠴᠡᠭᠯᠡᠨ᠎ᠡ᠂
14 ᠨᠠᠰᠤ ᠠᠬᠢᠭᠰᠠᠨ ᠴᠤ ᠵᠢᠮᠢᠰ ᠭᠠᠷᠭᠠᠭᠰᠠᠭᠠᠷ ᠨᠣᠭᠣᠭᠠᠨ ᠪᠥᠭᠡᠳ ᠰᠢᠭᠦᠰᠦᠯᠢᠭ ᠪᠠᠢᠭᠰᠠᠭᠠᠷ
15 《ᠶᠣᠬᠣᠸᠠ ᠪᠣᠯ ᠴᠢᠭ᠍ᠴᠢ ᠲᠡᠷᠡ ᠮᠢᠨᠦ ᠬᠠᠳᠠ᠂ ᠵᠥᠪ ᠪᠤᠰᠤ ᠨᠢ ᠲᠡᠭᠦᠨ ᠳᠦ ᠦᠭᠡᠢ》 ᠭᠡᠵᠦ ᠲᠤᠩ᠋ᠬᠠᠭᠯᠠᠨ᠎ᠠ᠃