1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠠᠷᠪᠠ ᠶᠢᠰᠦ
 ᠪᠤᠷᠬᠠᠨ ᠤ ᠦᠭᠡ ᠶᠢᠨ ᠮᠠᠭᠲᠠᠭᠠᠯ
1 ᠶᠣᠬᠣᠸᠠ ᠶᠢᠨ ᠬᠠᠤᠯᠢ ᠶᠢᠨ ᠳᠠᠭᠠᠤ ᠪᠤᠷᠤᠭᠤ ᠦᠭᠡᠢ ᠵᠠᠮ ᠢᠶᠠᠷ ᠠᠯᠬᠤᠭᠴᠢᠳ ᠪᠤᠶᠠᠨ ᠲᠠᠢ᠃
2 ᠪᠦᠬᠦᠢᠯᠡ ᠵᠢᠷᠦᠬᠡ ᠪᠡᠷ ᠢᠶᠠᠨ ᠶᠣᠬᠣᠸᠠ ᠶᠢ ᠬᠠᠢᠨ ᠲᠡᠭᠦᠨ ᠦ ᠵᠠᠷᠴᠢᠮ ᠢ ᠰᠠᠬᠢᠭᠴᠢᠳ ᠪᠤᠶᠠᠨ ᠲᠠᠢ᠂
3 ᠲᠡᠳᠡ ᠶᠠᠮᠠᠷ ᠴᠤ ᠵᠥᠪ ᠪᠤᠰᠤ ᠶᠢ ᠦᠢᠯᠡᠳᠦᠯ ᠦᠭᠡᠢ ᠶᠣᠬᠣᠸᠠ ᠶᠢᠨ ᠵᠠᠮ ᠢᠶᠠᠷ ᠯᠠ ᠶᠠᠪᠤᠳᠠᠭ᠃
4 ᠲᠣᠭᠲᠠᠭᠠᠯ ᠤᠳ ᠢ ᠲᠠᠨᠢ ᠭᠦᠢᠴᠡᠳ ᠰᠠᠬᠢᠬᠤ ᠶᠢ ᠲᠠ ᠪᠢᠳᠡᠨ ᠳᠦ ᠵᠠᠬᠢᠭᠰᠠᠨ᠂
5 ᠲᠣᠭᠲᠠᠭᠠᠯ ᠤᠳ ᠢ ᠲᠠᠨᠢ ᠰᠠᠬᠢᠬᠤ ᠳᠤ ᠵᠠᠮ ᠮᠢᠨᠢ ᠪᠡᠯᠡᠬᠡᠨ ᠪᠠᠢᠭ᠂
6 ᠪᠢ ᠲᠠᠨ ᠤ ᠪᠦᠬᠦ ᠲᠤᠰᠢᠶᠠᠯ ᠢ ᠠᠩ᠋ᠬᠠᠷᠪᠠᠯ ᠢᠴᠢᠭᠦᠷᠢ ᠳᠤ ᠣᠷᠣᠬᠤ ᠦᠭᠡᠢ᠃
7 ᠪᠢ ᠵᠥᠪ ᠰᠢᠭᠦᠯᠲᠡ ᠶᠢ ᠲᠠᠨᠢ ᠰᠤᠷᠬᠤ ᠳᠠᠭᠠᠨ ᠴᠢᠭ᠍ᠴᠢ ᠵᠢᠷᠦᠬᠡ ᠪᠡᠷ ᠲᠠᠨ ᠳᠤ ᠲᠠᠯᠠᠷᠬᠠᠨ᠎ᠠ᠂
8 ᠪᠢ ᠲᠠᠨ ᠤ ᠲᠣᠭᠲᠠᠭᠠᠯ ᠢ ᠰᠠᠬᠢᠨ᠎ᠠ ᠨᠠᠮᠠᠶᠢ ᠬᠡᠵᠢᠶ᠎ᠡ ᠴᠤ ᠪᠦᠦ ᠣᠷᠬᠢᠭᠠᠴᠢ︕

9 ᠵᠠᠯᠠᠭᠤ ᠬᠥᠮᠦᠨ ᠵᠠᠮ ᠢᠶᠠᠨ ᠬᠡᠷᠬᠢᠨ ᠴᠡᠪᠡᠷ ᠪᠠᠢᠯᠭᠠᠬᠤ ᠪᠤᠢ︖ ᠲᠠᠨ ᠤ ᠦᠭᠡ ᠶᠢ ᠰᠠᠬᠢᠭᠰᠠᠨ ᠢᠶᠠᠷ᠃
10 ᠪᠦᠬᠦᠢᠯᠡ ᠵᠢᠷᠦᠬᠡ ᠪᠡᠷ ᠢᠶᠠᠨ ᠪᠢ ᠲᠠᠨ ᠢ ᠬᠠᠢᠳᠠᠭ ᠲᠠᠨ ᠤ ᠲᠤᠰᠢᠶᠠᠯ ᠠᠴᠠ ᠰᠠᠯᠵᠤ ᠲᠡᠨᠦᠬᠦ ᠶᠢ ᠨᠠᠳᠠ ᠳᠤ ᠪᠦᠦ ᠵᠥᠪᠰᠢᠶᠡᠷᠡᠭᠡᠴᠢ᠂
11 ᠲᠠᠨ ᠳᠤ ᠨᠢᠭᠦᠯ ᠦᠢᠯᠡᠳᠬᠦ ᠦᠭᠡᠢ ᠭᠡᠳ ᠪᠢ ᠲᠠᠨ ᠤ ᠦᠭᠡ ᠶᠢ ᠵᠢᠷᠦᠬᠡᠨ ᠳᠡᠭᠡᠨ ᠬᠠᠳᠠᠭᠠᠯᠠᠭᠰᠠᠨ᠂
12 ᠶᠣᠬᠣᠸᠠ᠂ ᠲᠠ ᠳᠡᠭᠡᠳᠦᠯᠡᠭᠳᠡᠬᠦ ᠪᠣᠯᠲᠤᠭᠠᠢ ᠲᠣᠭᠲᠠᠭᠠᠯ ᠤᠳ ᠢᠶᠠᠨ ᠨᠠᠳᠠ ᠳᠤ ᠰᠤᠷᠭᠠᠭᠠᠴᠢ᠂
13 ᠠᠮᠠᠨ ᠠᠴᠠ ᠲᠠᠨᠢ ᠭᠠᠷᠤᠭᠰᠠᠨ ᠪᠦᠬᠦ ᠵᠢᠷᠤᠮ ᠢ ᠣᠷᠣᠭᠤᠯ ᠢᠶᠠᠷ ᠢᠶᠠᠨ ᠪᠢ ᠲᠤᠩ᠋ᠬᠠᠭᠯᠠᠭᠰᠠᠨ᠂
14 ᠬᠥᠮᠦᠨ ᠶᠡᠬᠡ ᠪᠠᠶᠠᠯᠢᠭ ᠲᠤ ᠪᠠᠶᠠᠰᠳᠠᠭ ᠤᠨ ᠠᠳᠠᠯᠢ ᠪᠢ ᠲᠠᠨ ᠤ ᠵᠠᠷᠴᠢᠮ ᠳᠤ ᠪᠠᠶᠠᠰᠳᠠᠭ᠂
15 ᠪᠢ ᠲᠠᠨ ᠤ ᠵᠢᠭᠠᠪᠤᠷᠢ ᠶᠢ ᠪᠢᠰᠢᠯᠭᠠᠨ ᠲᠠᠨ ᠤ ᠵᠠᠮ ᠢ ᠪᠣᠳᠣᠵᠤ
16 ᠲᠠᠨ ᠤ ᠲᠣᠭᠲᠠᠭᠠᠯ ᠳᠤ ᠪᠠᠶᠠᠰᠴᠤ ᠲᠠᠨ ᠤ ᠦᠭᠡ ᠶᠢ ᠮᠠᠷᠲᠠᠬᠤ ᠦᠭᠡᠢ᠃

17 ᠵᠠᠷᠤᠴᠠ ᠳᠠᠭᠠᠨ ᠥᠭᠭᠢᠶᠡᠮᠦᠷ ᠬᠠᠨᠳᠤᠭᠠᠴᠢ ᠪᠢ ᠠᠮᠢᠳᠤ ᠪᠠᠢᠬᠤ ᠳᠠᠭᠠᠨ ᠲᠠᠨ ᠤ ᠦᠭᠡ ᠶᠢ ᠰᠠᠬᠢᠨ᠎ᠠ᠂
18 ᠨᠢᠳᠦ ᠶᠢ ᠮᠢᠨᠢ ᠨᠡᠭᠡᠭᠡᠭᠡᠴᠢ ᠪᠢ ᠬᠠᠤᠯᠢ ᠶᠢᠨ ᠲᠠᠨᠢ ᠭᠠᠢᠬᠠᠮᠰᠢᠭ ᠢ ᠦᠵᠡᠬᠦ ᠶᠤᠮ ᠰᠠᠨ᠂
19 ᠪᠢ ᠭᠠᠵᠠᠷ ᠳᠡᠭᠡᠷ᠎ᠡ ᠭᠠᠳᠠᠨ᠎ᠠ ᠶᠢᠨ ᠬᠥᠮᠦᠨ᠂ ᠲᠤᠰᠢᠶᠠᠯ ᠤᠳ ᠢᠶᠠᠨ ᠨᠠᠳᠠ ᠠᠴᠠ ᠪᠦᠦ ᠨᠢᠭᠤᠭᠠᠴᠢ᠃
20 ᠰᠢᠢᠳᠪᠦᠷᠢ ᠶᠢ ᠲᠠᠨᠢ ᠴᠠᠭ ᠦᠷᠭᠦᠯᠵᠢ ᠬᠦᠰᠡᠮᠵᠢᠯᠡᠭᠰᠡᠭᠡᠷ ᠰᠡᠳᠬᠢᠯ ᠮᠢᠨᠢ ᠵᠣᠪᠠᠨᠢᠭᠰᠠᠨ᠃
21 ᠲᠠ ᠪᠠᠷᠳᠠᠮᠨᠠᠭᠴᠢᠳ ᠢ ᠵᠢᠮᠡᠯᠡᠳᠡᠭ ᠲᠤᠰᠢᠶᠠᠯ ᠠᠴᠠ ᠲᠠᠨᠢ ᠲᠥᠭᠡᠷᠢᠭ᠍ᠴᠢᠳ ᠭᠠᠰᠠᠯᠠᠩᠲᠠᠶ᠎ᠠ᠂
22 ᠪᠢ ᠲᠠᠨ ᠤ ᠵᠠᠷᠴᠢᠮ ᠢ ᠰᠠᠬᠢᠳᠠᠭ ᠪᠤᠷᠤᠭᠤᠳᠬᠠᠯ ᠪᠠ ᠪᠠᠰᠤᠮᠵᠢᠯᠠᠯ ᠢ ᠨᠠᠳᠠ ᠠᠴᠠ ᠵᠠᠢᠯᠠᠭᠤᠯᠤᠭᠠᠴᠢ᠂
23 ᠵᠠᠬᠢᠷᠤᠭᠴᠢᠳ ᠰᠠᠭᠤᠵᠠᠭᠠᠵᠤ ᠨᠠᠮᠠᠶᠢ ᠮᠠᠭᠤᠯᠠᠳᠠᠭ ᠴᠤ ᠭᠡᠰᠡᠨ ᠵᠠᠷᠤᠴᠠ ᠲᠠᠨᠢ ᠲᠠᠨ ᠤ ᠲᠣᠭᠲᠠᠭᠠᠯ ᠤᠳ ᠢ ᠲᠤᠩ᠋ᠭᠠᠨ᠎ᠠ᠃
24 ᠲᠠᠨ ᠤ ᠵᠠᠷᠴᠢᠮ ᠪᠣᠯ ᠮᠢᠨᠦ ᠵᠢᠷᠭᠠᠯ᠂ ᠮᠢᠨᠦ ᠵᠥᠪᠯᠡᠭᠴᠢ ᠶᠤᠮ᠃

25 ᠠᠮᠢ ᠮᠢᠨᠢ ᠰᠢᠷᠣᠢ ᠳᠤ ᠨᠠᠭᠠᠯᠳᠤᠪᠠ ᠦᠭᠡ ᠶᠢᠨ ᠢᠶᠠᠨ ᠳᠠᠭᠠᠤ ᠨᠠᠮᠠᠶᠢ ᠰᠡᠷᠭᠦᠭᠡᠭᠡᠴᠢ᠃
26 ᠪᠢ ᠵᠠᠮ ᠮᠥᠷ ᠢᠶᠡᠨ ᠠᠢᠯᠠᠳᠬᠠᠪᠠᠯ ᠲᠠ ᠬᠠᠷᠢᠭᠤᠯᠳᠠᠭ ᠲᠣᠭᠲᠠᠭᠠᠯ ᠤᠳ ᠢᠶᠠᠨ ᠨᠠᠳᠠ ᠳᠤ ᠰᠤᠷᠭᠠᠭᠠᠴᠢ᠂
27 ᠵᠢᠭᠠᠪᠤᠷᠢ ᠶᠢᠨ ᠢᠶᠠᠨ ᠤᠴᠢᠷ ᠢ ᠨᠠᠳᠠ ᠳᠤ ᠣᠢᠯᠠᠭᠠᠭᠤᠯᠤᠭᠠᠴᠢ ᠲᠠᠨ ᠤ ᠭᠠᠢᠬᠠᠮᠰᠢᠭ ᠤᠳ ᠢ ᠪᠢ ᠲᠤᠩ᠋ᠭᠠᠬᠤ ᠶᠤᠮ ᠰᠠᠨ᠂
28 ᠤᠢ ᠭᠠᠰᠢᠭᠤ ᠠᠴᠠ ᠪᠣᠯᠵᠤ ᠰᠡᠳᠬᠢᠯ ᠮᠢᠨᠢ ᠴᠥᠬᠥᠷᠡᠭᠰᠡᠨ ᠦᠭᠡᠨ ᠦ ᠪᠠᠨ ᠳᠠᠭᠠᠤ ᠨᠠᠮᠠᠶᠢ ᠬᠦᠴᠦᠵᠢᠭᠦᠯᠦᠭᠡᠴᠢ᠃
29 ᠬᠠᠭᠤᠷᠮᠠᠭ ᠵᠠᠮ ᠢ ᠨᠠᠳᠠ ᠠᠴᠠ ᠵᠠᠢᠯᠠᠭᠤᠯᠵᠤ ᠬᠠᠤᠯᠢ ᠪᠠᠷ ᠢᠶᠠᠨ ᠨᠠᠮᠠᠶᠢ ᠡᠨᠡᠷᠢᠭᠡᠴᠢ᠂
30 ᠪᠢ ᠦᠨᠡᠨ ᠦ ᠵᠠᠮ ᠢ ᠰᠣᠩ᠋ᠭᠣᠵᠤ ᠡᠮᠦᠨ᠎ᠡ ᠪᠡᠨ ᠲᠠᠨ ᠤ ᠵᠠᠷᠴᠢᠮ ᠤᠳ ᠢ ᠲᠠᠯᠪᠢᠭᠰᠠᠨ᠂
31 ᠪᠢ ᠵᠠᠷᠴᠢᠮ ᠠᠴᠠ ᠲᠠᠨᠢ ᠵᠢᠭᠤᠷᠠᠶ᠎ᠠ ᠶᠣᠬᠣᠸᠠ᠂ ᠨᠠᠮᠠᠶᠢ ᠪᠦᠦ ᠢᠴᠢᠩᠭᠦᠷᠡᠭᠦᠯᠦᠭᠡᠴᠢ︕
32 ᠪᠢ ᠲᠠᠨ ᠤ ᠲᠤᠰᠢᠶᠠᠭᠰᠠᠨ ᠵᠠᠮ ᠢᠶᠠᠷ ᠭᠦᠶᠦᠵᠦ ᠪᠠᠢᠨ᠎ᠠ ᠲᠠ ᠮᠢᠨᠦ ᠣᠢᠯᠠᠭᠠᠯᠲᠠ ᠶᠢ ᠳᠡᠯᠡᠨ᠎ᠡ᠃
33 ᠲᠣᠭᠲᠠᠭᠠᠯ ᠢᠶᠠᠷ ᠲᠠᠨᠢ ᠵᠠᠮᠨᠠᠬᠤ ᠶᠢ ᠨᠠᠳᠠ ᠳᠤ ᠵᠢᠭᠠᠭᠠᠴᠢ᠂ ᠶᠣᠬᠣᠸᠠ᠂ ᠡᠴᠦᠰ ᠬᠦᠷᠲᠡᠯ᠎ᠡ ᠪᠡᠨ ᠪᠢ ᠲᠡᠭᠦᠨ ᠢ ᠳᠠᠭᠠᠶ᠎ᠠ᠂
34 ᠣᠢᠯᠠᠭᠠᠯᠲᠠ ᠶᠢ ᠨᠠᠳᠠ ᠳᠤ ᠰᠣᠶᠣᠷᠬᠠᠭᠠᠴᠢ ᠪᠢ ᠲᠠᠨ ᠤ ᠬᠠᠤᠯᠢ ᠶᠢ ᠮᠥᠷᠳᠡᠨ ᠪᠦᠬᠦᠢᠯᠡ ᠵᠢᠷᠦᠬᠡ ᠪᠡᠷ ᠢᠶᠠᠨ ᠪᠡᠶᠡᠯᠡᠭᠦᠯᠦᠶ᠎ᠡ᠂
35 ᠲᠤᠰᠢᠶᠠᠯ ᠤᠨ ᠢᠶᠠᠨ ᠵᠠᠮ ᠢᠶᠠᠷ ᠨᠠᠮᠠᠶᠢ ᠵᠠᠮᠨᠠᠭᠤᠯᠤᠭᠠᠴᠢ ᠪᠢ ᠲᠡᠭᠦᠨ ᠢᠶᠡᠷ ᠪᠠᠶᠠᠷᠯᠠᠳᠠᠭ᠂
36 ᠵᠢᠷᠦᠬᠡ ᠶᠢ ᠮᠢᠨᠢ ᠵᠥᠪ ᠪᠤᠰᠤ ᠣᠯᠵᠠ ᠤᠷᠤᠭᠤ ᠪᠢᠰᠢ ᠵᠠᠷᠴᠢᠮ ᠤᠷᠤᠭᠤ ᠪᠠᠨ ᠬᠠᠨᠳᠤᠭᠤᠯᠤᠭᠠᠴᠢ᠃
37 ᠬᠠᠷᠠᠭ᠎ᠠ ᠶᠢ ᠮᠢᠨᠢ ᠬᠣᠭᠣᠰᠣᠨ ᠠᠴᠠ ᠡᠷᠭᠢᠭᠦᠯᠦᠭᠡᠴᠢ ᠵᠠᠮ ᠤᠨ ᠢᠶᠠᠨ ᠳᠡᠭᠡᠷ᠎ᠡ ᠨᠠᠮᠠᠶᠢ ᠰᠡᠷᠭᠦᠭᠡᠭᠡᠴᠢ᠃
38 ᠥᠪᠡᠷ ᠡᠴᠡ ᠲᠠᠨᠢ ᠡᠮᠢᠶᠡᠭᠴᠢᠳ ᠲᠤ ᠠᠢᠯᠠᠳᠤᠭᠰᠠᠨ ᠢᠶᠠᠨ ᠥᠪᠡᠷ ᠦᠨ ᠢᠶᠠᠨ ᠵᠠᠷᠤᠴᠠ ᠳᠡᠭᠡᠷ᠎ᠡ ᠪᠡᠶᠡᠯᠡᠭᠦᠯᠦᠭᠡᠴᠢ᠃
39 ᠰᠢᠢᠳᠪᠦᠷᠢ ᠲᠠᠨᠢ ᠰᠠᠢᠨ ᠠᠶᠤᠮᠰᠢᠭᠲᠤ ᠪᠤᠷᠤᠭᠤᠳᠬᠠᠯ ᠢ ᠨᠠᠳᠠ ᠠᠴᠠ ᠵᠠᠢᠯᠠᠭᠤᠯᠤᠭᠠᠴᠢ᠂
40 ᠬᠠᠷᠠ᠂ ᠪᠢ ᠵᠢᠭᠠᠪᠤᠷᠢ ᠨᠤᠭᠤᠳ ᠢ ᠲᠠᠨᠢ ᠬᠦᠰᠡᠮᠵᠢᠯᠡᠵᠦ ᠪᠠᠢᠳᠠᠭ ᠵᠥᠪ ᠰᠢᠳᠤᠷᠭᠤ ᠪᠠᠷ ᠢᠶᠠᠨ ᠨᠠᠮᠠᠶᠢ ᠰᠡᠷᠭᠦᠭᠡᠭᠡᠴᠢ᠃

41 ᠶᠣᠬᠣᠸᠠ᠂ ᠲᠠᠨ ᠤ ᠠᠢᠯᠠᠳᠤᠭᠰᠠᠨ ᠶᠣᠰᠣᠭᠠᠷ ᠲᠠᠨ ᠤ ᠬᠠᠢᠷ᠎ᠠ᠂ ᠲᠠᠨ ᠤ ᠠᠪᠤᠷᠠᠯ ᠨᠠᠳᠠ ᠳᠤ ᠢᠷᠡᠬᠦ ᠪᠣᠯᠲᠤᠭᠠᠢ᠂
42 ᠲᠡᠭᠡᠪᠡᠯ ᠦᠭᠡᠨ ᠳᠦ ᠲᠠᠨᠢ ᠢᠲᠡᠭᠡᠳᠡᠭ ᠨᠠᠮᠠᠶᠢ ᠪᠤᠷᠤᠭᠤᠳᠬᠠᠳᠠᠭ ᠬᠥᠮᠦᠨ ᠳᠦ ᠬᠠᠷᠢᠭᠤᠯᠬᠤ ᠦᠭᠡ ᠨᠠᠳᠠ ᠳᠤ ᠪᠠᠢᠬᠤ ᠪᠣᠯᠣᠨ᠎ᠠ᠂
43 ᠠᠮᠠᠨ ᠠᠴᠠ ᠮᠢᠨᠢ ᠦᠨᠡᠨ ᠦ ᠦᠭᠡ ᠶᠢ ᠬᠡᠵᠢᠶ᠎ᠡ ᠴᠤ ᠪᠦᠦ ᠠᠪᠠᠴᠢᠭᠠᠴᠢ᠂ ᠲᠡᠭᠡᠪᠡᠯ ᠪᠢ ᠲᠠᠨ ᠤ ᠰᠢᠢᠳᠪᠦᠷᠢ ᠳᠤ ᠨᠠᠢᠳᠠᠯᠭ᠎ᠠ ᠲᠠᠯᠪᠢᠨ᠎ᠠ᠂
44 ᠲᠠᠨ ᠤ ᠬᠠᠤᠯᠢ ᠶᠢ ᠴᠠᠭ ᠦᠷᠭᠦᠯᠵᠢ ᠡᠭᠦᠷᠢᠳᠡ ᠮᠥᠩᠬᠡᠳᠡ ᠰᠠᠬᠢᠨ᠎ᠠ᠂
45 ᠪᠢ ᠵᠢᠭᠠᠪᠤᠷᠢ ᠨᠤᠭᠤᠳ ᠢ ᠲᠠᠨᠢ ᠳᠠᠭᠠᠳᠠᠭ ᠲᠤᠯᠠ ᠴᠢᠯᠥᠭᠡᠲᠡᠢ ᠠᠯᠬᠤᠨ᠎ᠠ᠂
46 ᠬᠠᠭᠠᠳ ᠤᠨ ᠡᠮᠦᠨ᠎ᠡ ᠵᠠᠷᠴᠢᠮ ᠢ ᠲᠠᠨᠢ ᠢᠴᠢᠯ ᠦᠭᠡᠢ ᠶᠠᠷᠢᠵᠤ
47 ᠥᠪᠡᠷ ᠦᠨ ᠢᠶᠠᠨ ᠬᠠᠢᠷᠠᠯᠠᠳᠠᠭ ᠲᠠᠨ ᠤ ᠲᠤᠰᠢᠶᠠᠯ ᠳᠤ ᠪᠠᠶᠠᠷᠯᠠᠨ
48 ᠥᠪᠡᠷ ᠦᠨ ᠢᠶᠠᠨ ᠬᠠᠢᠷᠠᠯᠠᠳᠠᠭ ᠲᠠᠨ ᠤ ᠲᠤᠰᠢᠶᠠᠯ ᠥᠭᠡᠳᠡ ᠭᠠᠷ ᠢᠶᠠᠨ ᠡᠷᠭᠦᠵᠦ ᠲᠣᠭᠲᠠᠭᠠᠯ ᠢ ᠲᠠᠨᠢ ᠲᠤᠩ᠋ᠭᠠᠨ᠎ᠠ᠃

49 ᠲᠠ ᠥᠪᠡᠷ ᠦᠨ ᠢᠶᠠᠨ ᠵᠠᠷᠤᠴᠠ ᠳᠤ ᠨᠠᠢᠳᠠᠪᠤᠷᠢ ᠥᠭᠭᠥᠭᠰᠡᠨ ᠥᠪᠡᠷ ᠦᠨ ᠠᠢᠯᠠᠳᠤᠭᠰᠠᠨ ᠦᠭᠡ ᠪᠡᠨ ᠰᠠᠨᠠᠭᠠᠴᠢ᠃
50 ᠲᠠᠨ ᠤ ᠦᠭᠡ ᠨᠠᠮᠠᠶᠢ ᠰᠡᠷᠭᠦᠭᠡᠭᠰᠡᠨ ᠳᠠᠷᠤᠮᠲᠠ ᠶᠢᠨ ᠳᠤᠮᠳᠠᠬᠢ ᠲᠠᠢᠪᠤᠰᠢᠷᠠᠯ ᠮᠢᠨᠢ ᠲᠡᠷᠡ ᠪᠠᠢᠭᠰᠠᠨ᠂
51 ᠪᠠᠷᠳᠠᠮ ᠬᠥᠮᠦᠨ ᠨᠠᠮᠠᠶᠢ ᠶᠡᠬᠡᠳᠡ ᠪᠠᠰᠤᠮᠵᠢᠯᠠᠭᠰᠠᠨ ᠪᠣᠯᠪᠠᠴᠤ ᠪᠢ ᠲᠠᠨ ᠤ ᠬᠠᠤᠯᠢ ᠡᠴᠡ ᠭᠠᠵᠢᠭᠰᠠᠨ ᠦᠭᠡᠢ᠂
52 ᠶᠣᠬᠣᠸᠠ᠂ ᠪᠢ ᠡᠷᠲᠡᠨ ᠦ ᠰᠢᠭᠦᠯᠲᠡ ᠶᠢ ᠲᠠᠨᠢ ᠰᠠᠨᠠᠵᠤ ᠤᠷᠮᠠᠰᠢᠭᠰᠠᠨ᠂
53 ᠬᠠᠤᠯᠢ ᠶᠢ ᠲᠠᠨᠢ ᠣᠭᠣᠷᠣᠭᠰᠠᠨ ᠪᠤᠷᠤᠭᠤᠲᠠᠨ ᠠᠴᠠ ᠪᠣᠯᠵᠤ ᠬᠠᠯᠠᠭᠤᠨ ᠠᠭᠤᠷ ᠨᠠᠮᠠᠶᠢ ᠡᠵᠡᠮᠳᠡᠪᠡ᠂
54 ᠮᠢᠨᠦ ᠴᠠᠭᠠᠴᠢᠯᠠᠯ ᠤᠨ ᠭᠡᠷ ᠲᠦ ᠲᠠᠨ ᠤ ᠲᠣᠭᠲᠠᠭᠠᠯ ᠮᠢᠨᠦ ᠳᠠᠭᠤᠤ ᠪᠠᠢᠭᠰᠠᠨ᠂
55 ᠶᠣᠬᠣᠸᠠ᠂ ᠪᠢ ᠲᠠᠨ ᠤ ᠨᠡᠷ᠎ᠡ ᠶᠢ ᠰᠥᠨᠢ ᠪᠠᠷ ᠴᠤ ᠰᠠᠨᠠᠵᠤ ᠲᠠᠨ ᠤ ᠬᠠᠤᠯᠢ ᠶᠢ ᠰᠠᠬᠢᠳᠠᠭ᠂
56 ᠲᠡᠢᠨ ᠬᠦ ᠵᠢᠭᠠᠪᠤᠷᠢ ᠨᠤᠭᠤᠳ ᠢ ᠲᠠᠨᠢ ᠳᠠᠭᠠᠬᠤ ᠨᠢ ᠮᠢᠨᠦ ᠳᠠᠳᠬᠠᠯ ᠪᠣᠯᠣᠯ᠎ᠠ᠃

57 ᠶᠣᠬᠣᠸᠠ ᠪᠣᠯ ᠮᠢᠨᠦ ᠬᠤᠪᠢ᠂ ᠲᠠᠨ ᠤ ᠦᠭᠡ ᠶᠢ ᠪᠡᠶᠡᠯᠡᠭᠦᠯᠬᠦ ᠪᠡᠷ ᠪᠢ ᠠᠮᠠᠯᠠᠭᠰᠠᠨ᠂
58 ᠠᠴᠢ ᠲᠤᠰᠠ ᠶᠢ ᠲᠠᠨᠢ ᠪᠢ ᠪᠦᠬᠦᠢᠯᠡ ᠵᠢᠷᠦᠬᠡ ᠪᠡᠷ ᠢᠶᠠᠨ ᠭᠤᠶᠤᠳᠠᠭ ᠠᠢᠯᠠᠳᠤᠭᠰᠠᠨ ᠶᠣᠰᠣᠭᠠᠷ ᠢᠶᠠᠨ ᠨᠠᠮᠠᠶᠢ ᠡᠨᠡᠷᠢᠭᠡᠴᠢ᠂
59 ᠪᠢ ᠵᠠᠮ ᠮᠥᠷ ᠢᠶᠡᠨ ᠪᠣᠳᠣᠵᠤ ᠬᠥᠯ ᠢᠶᠡᠨ ᠵᠠᠷᠴᠢᠮ ᠤᠷᠤᠭᠤ ᠲᠠᠨᠢ ᠡᠷᠭᠢᠭᠦᠯᠳᠡᠭ᠂
60 ᠲᠤᠰᠢᠶᠠᠯ ᠢ ᠲᠠᠨᠢ ᠪᠡᠶᠡᠯᠡᠭᠦᠯᠬᠦ ᠪᠡᠷ ᠰᠠᠭᠠᠲᠠᠯ ᠦᠭᠡᠢ ᠬᠤᠷᠳᠤᠯᠠᠳᠠᠭ᠂
61 ᠬᠣᠷᠣᠨ ᠮᠠᠭᠤ ᠬᠥᠮᠦᠰ ᠨᠠᠮᠠᠶᠢ ᠤᠶᠠᠭᠠᠰᠤ ᠪᠠᠷ ᠬᠦᠯᠢᠳᠡᠭ ᠴᠤ ᠬᠠᠤᠯᠢ ᠶᠢ ᠲᠠᠨᠢ ᠮᠠᠷᠲᠠᠳᠠᠭ ᠦᠭᠡᠢ᠂
62 ᠪᠢ ᠰᠥᠨᠢ ᠳᠤᠮᠳᠠ ᠪᠣᠰᠣᠭᠠᠳ ᠵᠥᠪ ᠰᠢᠭᠦᠯᠲᠡ ᠳᠦ ᠲᠠᠨᠢ ᠲᠠᠯᠠᠷᠬᠠᠨ᠎ᠠ᠂
63 ᠪᠢ ᠪᠣᠯ ᠲᠠᠨ ᠠᠴᠠ ᠡᠮᠢᠶᠡᠳᠡᠭ ᠪᠦᠬᠦᠨ ᠦ᠂ ᠮᠥᠨ ᠵᠢᠭᠠᠪᠤᠷᠢ ᠶᠢ ᠲᠠᠨᠢ ᠮᠥᠷᠳᠡᠳᠡᠭ ᠪᠦᠬᠦᠨ ᠦ ᠠᠨᠳᠠ ᠶᠤᠮ᠂
64 ᠭᠠᠵᠠᠷ ᠲᠠᠨ ᠤ ᠬᠠᠢᠷ᠎ᠠ ᠪᠠᠷ ᠳᠦᠭᠦᠷᠡᠩ ᠪᠠᠢᠨ᠎ᠠ᠂ ᠲᠣᠭᠲᠠᠭᠠᠯ ᠢᠶᠠᠨ ᠨᠠᠳᠠ ᠳᠤ ᠰᠤᠷᠭᠠᠭᠠᠴᠢ᠃

65 ᠶᠣᠬᠣᠸᠠ ᠲᠠ ᠠᠢᠯᠠᠳᠤᠭᠰᠠᠨ ᠤ ᠪᠠᠨ ᠳᠠᠭᠠᠤ ᠥᠪᠡᠷ ᠦᠨ ᠢᠶᠠᠨ ᠵᠠᠷᠤᠴᠠ ᠳᠤ ᠰᠠᠢᠨ ᠢᠶᠠᠷ ᠬᠠᠨᠳᠤᠭᠰᠠᠨ᠂
66 ᠪᠢ ᠲᠠᠨ ᠤ ᠲᠤᠰᠢᠶᠠᠯ ᠳᠤ ᠢᠲᠡᠭᠡᠯ ᠲᠡᠢ᠂ ᠨᠠᠳᠠ ᠳᠤ ᠢᠯᠭᠠᠬᠤ ᠴᠢᠳᠠᠪᠤᠷᠢ ᠪᠣᠯᠣᠨ ᠮᠡᠳᠡᠯᠭᠡ ᠶᠢ ᠰᠤᠷᠭᠠᠭᠠᠴᠢ᠂
67 ᠵᠣᠪᠠᠬᠤ ᠶᠢᠨ ᠢᠶᠠᠨ ᠡᠮᠦᠨ᠎ᠡ ᠪᠢ ᠲᠥᠭᠡᠷᠢᠵᠦ ᠪᠠᠢᠭᠰᠠᠨ ᠣᠳᠣ ᠪᠢ ᠲᠠᠨ ᠤ ᠦᠭᠡ ᠶᠢ ᠰᠠᠬᠢᠳᠠᠭ᠂
68 ᠲᠠ ᠪᠣᠯ ᠰᠠᠢᠨ᠂ ᠰᠠᠢᠨ ᠢ ᠦᠢᠯᠡᠳᠦᠭᠴᠢ᠂ ᠲᠣᠭᠲᠠᠭᠠᠯ ᠤᠳ ᠢᠶᠠᠨ ᠨᠠᠳᠠ ᠳᠤ ᠰᠤᠷᠭᠠᠭᠠᠴᠢ᠂
69 ᠪᠠᠷᠳᠠᠮᠨᠠᠭᠴᠢᠳ ᠨᠠᠮᠠᠶᠢ ᠬᠤᠳᠠᠯ ᠢᠶᠠᠷ ᠭᠦᠳᠬᠡᠳᠡᠭ ᠪᠣᠯᠪᠠᠴᠤ ᠪᠦᠬᠦᠢᠯᠡ ᠵᠢᠷᠦᠬᠡ ᠪᠡᠷ ᠢᠶᠠᠨ ᠪᠢ ᠵᠢᠭᠠᠪᠤᠷᠢ ᠶᠢ ᠲᠠᠨᠢ ᠰᠠᠬᠢᠨ᠎ᠠ᠂
70 ᠲᠡᠳᠡᠨ ᠦ ᠵᠢᠷᠦᠬᠡ ᠥᠭᠡᠬᠦᠯᠡᠭᠡᠳ ᠮᠡᠳᠡᠷᠡᠮᠵᠢ ᠦᠭᠡᠢ ᠪᠣᠯᠪᠠ᠂ ᠬᠠᠷᠢᠨ ᠪᠢ ᠲᠠᠨ ᠤ ᠬᠠᠤᠯᠢ ᠪᠠᠷ ᠪᠠᠶᠠᠰᠳᠠᠭ᠂
71 ᠵᠣᠪᠠᠯᠠᠩ ᠠᠮᠰᠠᠭᠰᠠᠨ ᠮᠢᠨᠢ ᠨᠠᠳᠠ ᠳᠤ ᠰᠠᠢᠨ ᠡᠢᠨ ᠬᠦ ᠪᠢ ᠲᠠᠨ ᠤ ᠲᠣᠭᠲᠠᠭᠠᠯ ᠢ ᠰᠤᠷᠤᠨ᠎ᠠ᠂
72 ᠠᠮᠠᠨ ᠠᠴᠠ ᠲᠠᠨᠢ ᠭᠠᠷᠤᠭᠰᠠᠨ ᠬᠠᠤᠯᠢ ᠨᠠᠳᠠ ᠳᠤ ᠲᠦᠮᠡ ᠲᠦᠮᠡᠨ ᠠᠯᠲᠠ ᠮᠥᠩᠭᠥᠨ ᠡᠴᠡ ᠳᠡᠭᠡᠷ᠎ᠡ᠃

73 ᠲᠠᠨ ᠤ ᠮᠤᠲᠤᠷ ᠨᠠᠮᠠᠶᠢ ᠪᠦᠲᠦᠭᠡᠵᠦ ᠪᠦᠷᠢᠳᠦᠭᠦᠯᠦᠭᠰᠡᠨ ᠶᠤᠮ ᠤᠬᠠᠭᠠᠷᠠᠯ ᠢ ᠨᠠᠳᠠ ᠳᠤ ᠰᠣᠶᠣᠷᠬᠠᠭᠠᠴᠢ ᠪᠢ ᠲᠠᠨ ᠤ ᠲᠤᠰᠢᠶᠠᠯ ᠤᠳ ᠢ ᠰᠤᠷᠤᠶ᠎ᠠ᠂
74 ᠲᠠᠨ ᠤ ᠦᠭᠡᠨ ᠳᠦ ᠨᠠᠢᠳᠠᠳᠠᠭ ᠨᠠᠮᠠᠶᠢ ᠲᠠᠨ ᠠᠴᠠ ᠡᠮᠢᠶᠡᠭᠴᠢᠳ ᠬᠠᠷᠠᠪᠠᠯ ᠪᠠᠶᠠᠷᠯᠠᠬᠤ ᠪᠣᠯᠣᠨ᠎ᠠ᠃
75 ᠶᠣᠬᠣᠸᠠ᠂ ᠲᠠᠨ ᠤ ᠰᠢᠭᠦᠯᠲᠡ ᠵᠥᠪ ᠭᠡᠳᠡᠭ ᠢ᠂ ᠲᠠ ᠢᠲᠡᠭᠡᠮᠵᠢᠲᠠᠢ ᠪᠠᠢᠳᠠᠯ ᠳᠠᠭᠠᠨ ᠨᠠᠮᠠᠶᠢ ᠵᠣᠪᠠᠭᠠᠭᠰᠠᠨ ᠭᠡᠳᠡᠭ ᠢ ᠪᠢ ᠮᠡᠳᠡᠨ᠎ᠡ᠂
76 ᠵᠠᠷᠤᠴᠠ ᠳᠠᠭᠠᠨ ᠠᠢᠯᠠᠳᠤᠭᠰᠠᠨ ᠶᠣᠰᠣᠭᠠᠷ ᠬᠠᠢᠷ᠎ᠠ ᠡᠨᠡᠷᠢᠯ ᠲᠠᠨᠢ ᠨᠠᠮᠠᠶᠢ ᠲᠠᠢᠳᠬᠤᠷᠠᠭᠤᠯᠬᠤ ᠪᠣᠯᠣᠨ᠎ᠠ᠂
77 ᠬᠠᠤᠯᠢ ᠲᠠᠨᠢ ᠮᠢᠨᠦ ᠪᠠᠶᠠᠰᠬᠤᠯᠠᠩ᠂ ᠲᠠᠨ ᠤ ᠥᠷᠥᠰᠢᠶᠡᠯ ᠢᠷᠡᠬᠦ ᠳᠦ᠂ ᠪᠢ ᠰᠡᠷᠭᠦᠬᠦ ᠪᠣᠯᠣᠨ᠎ᠠ᠂
78 ᠪᠠᠴᠢ ᠪᠠᠷ ᠨᠠᠮᠠᠶᠢ ᠬᠣᠣᠷᠯᠠᠳᠠᠭ ᠪᠠᠷᠳᠠᠮᠨᠠᠭᠴᠢᠳ ᠢᠴᠢᠭ᠂ ᠪᠢ ᠲᠠᠨ ᠤ ᠵᠢᠭᠠᠪᠤᠷᠢ ᠶᠢ ᠲᠤᠩ᠋ᠭᠠᠨ᠎ᠠ᠂
79 ᠲᠠᠨ ᠠᠴᠠ ᠡᠮᠢᠶᠡᠭᠴᠢᠳ ᠨᠠᠳᠠ ᠤᠷᠤᠭᠤ ᠢᠷᠡᠭ᠂ ᠲᠡᠳᠡ ᠲᠠᠨ ᠤ ᠵᠠᠷᠴᠢᠮ ᠢ ᠮᠡᠳᠡᠬᠦ ᠪᠣᠯᠣᠨ᠎ᠠ᠂
80 ᠲᠣᠭᠲᠠᠭᠠᠯ ᠤᠳ ᠤᠨ ᠲᠠᠨᠢ ᠲᠠᠯ᠎ᠠ ᠪᠠᠷ ᠰᠡᠳᠬᠢᠯ ᠮᠢᠨᠢ ᠥ ᠰᠡᠪ ᠦᠭᠡᠢ ᠪᠠᠢᠭ ᠨᠠᠳᠠ ᠳᠤ ᠢᠴᠢᠬᠦ ᠶᠠᠭᠤᠮ᠎ᠠ ᠦᠭᠡᠢ ᠪᠠᠢᠭ᠃
81 ᠰᠦᠨᠡᠰᠦ ᠮᠢᠨᠢ ᠲᠠᠨ ᠤ ᠠᠪᠤᠷᠠᠯ ᠢ ᠬᠦᠯᠢᠶᠡᠭᠰᠡᠭᠡᠷ ᠶᠠᠳᠠᠷᠠᠪᠠ᠂ ᠬᠠᠷᠢᠨ ᠪᠢ ᠲᠠᠨ ᠤ ᠦᠭᠡᠨ ᠳᠦ ᠨᠠᠢᠳᠠᠳᠠᠭ᠂
82 ᠲᠠᠨ ᠤ ᠦᠭᠡ ᠶᠢ ᠬᠦᠯᠢᠶᠡᠭᠰᠡᠭᠡᠷ ᠨᠢᠳᠦ ᠮᠢᠨᠢ ᠭᠠᠷᠠᠬᠠᠯᠠᠪᠠ᠂ ᠪᠢ 《ᠲᠠ ᠨᠠᠮᠠᠶᠢ ᠬᠡᠵᠢᠶ᠎ᠡ ᠲᠠᠢᠳᠬᠤᠷᠠᠭᠤᠯᠬᠤ ᠪᠤᠢ︖》 ᠭᠡᠵᠦ ᠪᠠᠢᠨ᠎ᠠ᠃
83 ᠪᠢ ᠤᠲᠤᠭᠠᠨ ᠳᠣᠲᠣᠷᠠᠬᠢ ᠲᠤᠯᠤᠮ ᠰᠢᠭ᠋ ᠪᠣᠯᠣᠭᠰᠠᠨ ᠬᠠᠷᠢᠨ ᠪᠢ ᠲᠣᠭᠲᠠᠭᠠᠯ ᠢ ᠲᠠᠨᠢ ᠮᠠᠷᠲᠠᠭ᠎ᠠ ᠦᠭᠡᠢ᠃
84 ᠲᠠᠨ ᠤ ᠵᠠᠷᠤᠴᠠ ᠶᠢᠨ ᠡᠳᠦᠷ ᠤᠳ ᠬᠡᠳᠦᠢ ᠪᠤᠢ︖ ᠲᠠ ᠬᠠᠪᠴᠢᠭᠴᠢᠳ ᠢ ᠮᠢᠨᠢ ᠬᠡᠵᠢᠶ᠎ᠡ ᠰᠢᠳᠬᠡᠬᠦ ᠪᠤᠢ︖
85 ᠬᠠᠤᠯᠢ ᠶᠢ ᠲᠠᠨᠢ ᠦᠯᠦ ᠳᠠᠭᠠᠳᠠᠭ ᠰᠠᠭᠰᠠᠭᠤᠷᠠᠭᠴᠢᠳ ᠮᠢᠨᠦ ᠡᠮᠦᠨ᠎ᠡ ᠨᠦᠬᠡ ᠤᠬᠤᠵᠠᠢ᠂
86 ᠲᠠᠨ ᠤ ᠲᠤᠰᠢᠶᠠᠯ ᠪᠣᠯᠭᠠᠨ ᠢᠲᠡᠭᠡᠮᠵᠢᠲᠠᠢ᠂ ᠲᠡᠳᠡ ᠨᠠᠮᠠᠶᠢ ᠰᠢᠯᠲᠠᠭᠠᠨ ᠦᠭᠡᠢ ᠪᠠᠷ ᠬᠠᠪᠴᠢᠳᠠᠭ ᠲᠤᠯᠠ ᠨᠠᠳᠠ ᠳᠤ ᠲᠤᠰᠠᠯᠠᠭᠠᠴᠢ᠂
87 ᠲᠡᠳᠡ ᠨᠠᠮᠠᠶᠢ ᠭᠠᠵᠠᠷ ᠳᠡᠭᠡᠷ᠎ᠡ ᠪᠠᠷᠤᠭ ᠬᠣᠷᠣᠭᠠᠭᠰᠠᠨ᠂ ᠬᠠᠷᠢᠨ ᠪᠢ ᠲᠠᠨ ᠤ ᠵᠢᠭᠠᠪᠤᠷᠢ ᠶᠢ ᠣᠭᠣᠷᠣᠭ᠎ᠠ ᠦᠭᠡᠢ᠃
88 ᠡᠨᠡᠷᠢᠯ ᠤᠨ ᠢᠶᠠᠨ ᠳᠠᠭᠠᠤ ᠨᠠᠮᠠᠶᠢ ᠰᠡᠷᠭᠦᠭᠡᠭᠡᠴᠢ᠂ ᠠᠮᠠᠨ ᠠᠴᠠ ᠲᠠᠨᠢ ᠭᠠᠷᠬᠤ ᠵᠠᠷᠴᠢᠮ ᠢ ᠪᠢ ᠳᠠᠭᠠᠶ᠎ᠠ᠃

89 ᠶᠣᠬᠣᠸᠠ᠂ ᠦᠭᠡ ᠲᠠᠨᠢ ᠲᠩᠷᠢ ᠳᠤ ᠡᠭᠦᠷᠢᠳᠡ ᠪᠠᠲᠤ ᠪᠠᠢᠳᠠᠭ᠂
90 ᠲᠠᠨ ᠤ ᠢᠲᠡᠭᠡᠮᠵᠢᠲᠡᠢ ᠪᠠᠢᠳᠠᠯ ᠦᠶ᠎ᠡ ᠶᠢᠨ ᠦᠶ᠎ᠡ ᠳᠦ᠂ ᠲᠠ ᠭᠠᠵᠠᠷ ᠢ ᠲᠣᠭᠲᠠᠭᠠᠭᠰᠠᠨ᠂ ᠲᠡᠷᠡ ᠪᠠᠲᠤ ᠣᠷᠣᠰᠢᠨ᠎ᠠ᠂
91 ᠰᠢᠢᠳᠪᠦᠷᠢ ᠶᠢᠨ ᠲᠠᠨᠢ ᠳᠠᠭᠠᠤ ᠲᠡᠳᠡ ᠪᠠᠢᠭᠰᠠᠭᠠᠷ ᠪᠠᠢᠳᠠᠭ᠂ ᠲᠡᠳᠡ ᠪᠦᠭᠦᠳᠡ ᠲᠠᠨ ᠤ ᠵᠠᠷᠤᠴᠠ᠂
92 ᠬᠠᠤᠯᠢ ᠲᠠᠨᠢ ᠮᠢᠨᠦ ᠪᠠᠶᠠᠰᠬᠤᠯᠠᠩ ᠪᠠᠢᠭ᠎ᠠ ᠦᠭᠡᠢ ᠰᠠᠨ ᠪᠣᠯ ᠵᠣᠪᠠᠯᠠᠩ ᠳᠣᠲᠣᠷ᠎ᠠ ᠪᠠᠨ ᠪᠢ ᠮᠥᠬᠥᠬᠦ ᠪᠠᠢᠭᠰᠠᠨ᠂
93 ᠪᠢ ᠲᠠᠨ ᠤ ᠵᠢᠭᠠᠪᠤᠷᠢ ᠶᠢ ᠮᠥᠩᠬᠡᠳᠡ ᠮᠠᠷᠲᠠᠬᠤ ᠦᠭᠡᠢ ᠲᠠ ᠥᠪᠡᠷ ᠦᠨ ᠢᠶᠠᠨ ᠦᠭᠡ ᠪᠡᠷ ᠨᠠᠮᠠᠶᠢ ᠰᠡᠷᠭᠦᠭᠡᠭᠰᠡᠨ ᠪᠢᠯᠡ᠂
94 ᠪᠢ ᠪᠣᠯ ᠲᠠᠨ ᠤ ᠬᠢ᠂ ᠨᠠᠮᠠᠶᠢ ᠠᠪᠤᠷᠠᠭᠠᠴᠢ ᠪᠢ ᠲᠠᠨ ᠤ ᠵᠢᠭᠠᠪᠤᠷᠢ ᠶᠢ ᠳᠠᠭᠠᠭᠰᠠᠨ ᠶᠤᠮ᠂
95 ᠪᠤᠷᠤᠭᠤᠲᠠᠳ ᠨᠠᠮᠠᠶᠢ ᠬᠥᠨᠥᠭᠡᠬᠦ ᠪᠡᠷ ᠣᠲᠣᠨ ᠬᠦᠯᠢᠶᠡᠳᠡᠭ ᠬᠠᠷᠢᠨ ᠪᠢ ᠲᠠᠨ ᠤ ᠵᠠᠷᠴᠢᠮ ᠢ ᠲᠤᠩ᠋ᠭᠠᠵᠤ ᠪᠠᠢᠨ᠎ᠠ᠂
96 ᠪᠢ ᠦᠵᠡᠬᠦ ᠳᠦ᠂ ᠲᠡᠭᠦᠯᠳᠡᠷ ᠪᠦᠬᠦᠨ ᠬᠢᠵᠠᠭᠠᠷ ᠲᠠᠢ ᠪᠠᠢᠳᠠᠭ ᠪᠣᠯ᠂ ᠲᠠᠨ ᠤ ᠲᠤᠰᠢᠶᠠᠯ ᠮᠠᠰᠢ ᠠᠭᠤᠳᠠᠮ᠃

97 ᠲᠠᠨ ᠤ ᠬᠠᠤᠯᠢ ᠶᠢ ᠪᠢ ᠶᠠᠭᠤᠲᠠᠢ ᠶᠡᠬᠡ ᠬᠠᠢᠷᠠᠯᠠᠳᠠᠭ ᠪᠤᠢ︕ ᠲᠡᠭᠦᠨ ᠢ ᠪᠢ ᠡᠳᠦᠷᠵᠢᠨ ᠲᠤᠩ᠋ᠭᠠᠨ ᠪᠣᠳᠣᠳᠠᠭ᠂
98 ᠲᠤᠰᠢᠶᠠᠯ ᠲᠠᠨᠢ ᠦᠷᠭᠦᠯᠵᠢ ᠨᠠᠳᠠ ᠲᠠᠢ ᠬᠠᠮᠲᠤ ᠪᠠᠢᠭᠰᠠᠭᠠᠷ ᠨᠠᠮᠠᠶᠢ ᠥᠰᠲᠡᠨ ᠨᠦᠭᠦᠳ ᠡᠴᠡ ᠮᠢᠨᠢ ᠢᠯᠡᠭᠦᠦ ᠮᠡᠷᠭᠡᠨ ᠪᠣᠯᠭᠠᠳᠠᠭ᠂
99 ᠪᠢ ᠵᠠᠷᠴᠢᠮ ᠢ ᠲᠠᠨᠢ ᠲᠤᠩ᠋ᠭᠠᠳᠠᠭ ᠤᠴᠢᠷ ᠪᠠᠭᠰᠢ ᠨᠠᠷ ᠠᠴᠠ ᠪᠠᠨ ᠢᠯᠡᠭᠦᠦ ᠤᠬᠠᠭᠠᠯᠢᠭ ᠪᠣᠯᠵᠤ
100 ᠵᠢᠭᠠᠪᠤᠷᠢ ᠶᠢ ᠲᠠᠨᠢ ᠳᠠᠭᠠᠳᠠᠭ ᠤᠴᠢᠷ ᠠᠬᠠᠮᠠᠳ ᠠᠴᠠ ᠪᠠᠨ ᠢᠯᠡᠭᠦᠦ ᠠᠪᠬᠠᠯᠵᠢ ᠲᠠᠢ ᠪᠣᠯᠣᠭᠰᠠᠨ᠂
101 ᠪᠢ ᠲᠠᠨ ᠤ ᠦᠭᠡ ᠶᠢ ᠪᠡᠶᠡᠯᠡᠭᠦᠯᠬᠦ ᠭᠡᠵᠦ ᠪᠦᠬᠦ ᠪᠤᠵᠠᠷ ᠵᠠᠮ ᠠᠴᠠ ᠬᠥᠯ ᠢᠶᠡᠨ ᠲᠠᠲᠠᠳᠠᠭ᠂
102 ᠲᠠ ᠥᠪᠡᠷ ᠢᠶᠡᠨ ᠨᠠᠳᠠ ᠳᠤ ᠵᠢᠭᠠᠳᠠᠭ ᠤᠴᠢᠷ ᠪᠢ ᠲᠠᠨ ᠤ ᠵᠠᠷᠯᠢᠭ ᠠᠴᠠ ᠡᠷᠭᠢᠳᠡᠭ ᠦᠭᠡᠢ᠂
103 ᠲᠠᠨ ᠤ ᠦᠭᠡ ᠲᠠᠩᠨᠠᠢ ᠳᠤ ᠮᠢᠨᠢ ᠶᠠᠭᠤᠲᠠᠢ ᠠᠮᠲᠠᠲᠠᠢ ᠠᠮᠠᠨ ᠳᠤ ᠮᠢᠨᠢ ᠵᠥᠭᠡᠢ ᠶᠢᠨ ᠪᠠᠯ ᠠᠴᠠ ᠴᠤ ᠢᠯᠡᠭᠦᠦ ᠠᠮᠲᠠᠲᠠᠢ᠂
104 ᠲᠠᠨ ᠤ ᠵᠢᠭᠠᠪᠤᠷᠢ ᠪᠠᠷ ᠪᠢ ᠠᠪᠬᠠᠯᠵᠢ ᠲᠠᠢ ᠪᠣᠯᠵᠤ ᠬᠠᠭᠤᠷᠮᠠᠭ ᠶᠠᠪᠤᠳᠠᠯ ᠪᠦᠷᠢ ᠶᠢ ᠵᠢᠭ᠍ᠰᠢᠳᠡᠭ᠃

105 ᠲᠠᠨ ᠤ ᠦᠭᠡ ᠪᠣᠯ ᠮᠢᠨᠦ ᠬᠥᠯ ᠳᠠᠬᠢ ᠳ᠋ᠧᠩ᠂ ᠮᠢᠨᠦ ᠵᠠᠮ ᠳᠠᠬᠢ ᠭᠡᠷᠡᠯ ᠶᠤᠮ᠃
106 ᠪᠢ ᠲᠠᠨ ᠤ ᠵᠠᠷᠯᠢᠭ ᠢ ᠪᠡᠶᠡᠯᠡᠭᠦᠯᠬᠦ ᠭᠡᠵᠦ ᠲᠠᠩ᠋ᠭᠠᠷᠢᠭ ᠲᠠᠯᠪᠢᠨ ᠲᠣᠭᠲᠠᠭᠠᠭᠰᠠᠨ᠂
107 ᠪᠢ ᠦᠯᠡᠮᠵᠢ ᠵᠣᠪᠠᠯᠠᠩ ᠲᠠᠢ᠂ ᠶᠣᠬᠣᠸᠠ᠂ ᠦᠭᠡ ᠶᠢᠨ ᠢᠶᠠᠨ ᠳᠠᠭᠠᠤ ᠨᠠᠮᠠᠶᠢ ᠰᠡᠷᠭᠦᠭᠡᠭᠡᠴᠢ᠂
108 ᠶᠣᠬᠣᠸᠠ᠂ ᠠᠮᠠᠨ ᠠᠴᠠ ᠮᠢᠨᠢ ᠭᠠᠷᠬᠤ ᠰᠠᠢᠨ ᠳᠤᠷ᠎ᠠ ᠶᠢᠨ ᠡᠷᠭᠦᠯ ᠢ ᠬᠦᠯᠢᠶᠡᠨ ᠠᠪᠴᠤ ᠵᠠᠷᠯᠢᠭ ᠢᠶᠠᠨ ᠨᠠᠳᠠ ᠳᠤ ᠰᠤᠷᠭᠠᠭᠠᠴᠢ᠂
109 ᠮᠢᠨᠦ ᠠᠮᠢᠨ ᠳᠤ ᠠᠶᠤᠯ ᠨᠢᠭᠤᠷᠯᠠᠭᠰᠠᠭᠠᠷ ᠪᠠᠢᠨ᠎ᠠ᠂ ᠬᠠᠷᠢᠨ ᠪᠢ ᠲᠠᠨ ᠤ ᠬᠠᠤᠯᠢ ᠶᠢ ᠮᠠᠷᠲᠠᠳᠠᠭ ᠦᠭᠡᠢ᠂
110 ᠪᠤᠷᠤᠭᠤᠲᠠᠳ ᠨᠠᠮᠠᠶᠢ ᠬᠣᠣᠷᠯᠠᠬᠤ ᠪᠠᠷ ᠤᠷᠠᠬ᠎ᠠ ᠲᠠᠯᠪᠢᠭᠰᠠᠨ᠂ ᠬᠠᠷᠢᠨ ᠪᠢ ᠵᠢᠭᠠᠪᠤᠷᠢ ᠡᠴᠡ ᠲᠠᠨᠢ ᠭᠠᠵᠢᠳᠠᠭ ᠦᠭᠡᠢ᠂
111 ᠵᠠᠷᠴᠢᠮ ᠲᠠᠨᠢ ᠮᠢᠨᠦ ᠮᠥᠩᠬᠡ ᠶᠢᠨ ᠥᠪ᠂ ᠵᠢᠷᠦᠬᠡᠨ ᠦ ᠮᠢᠨᠢ ᠪᠠᠶᠠᠰᠬᠤᠯᠠᠩ ᠡᠨᠡ᠂
112 ᠪᠢ ᠡᠴᠦᠰ ᠬᠦᠷᠲᠡᠯ᠎ᠡ ᠪᠡᠨ ᠲᠠᠨ ᠤ ᠲᠣᠭᠲᠠᠭᠠᠯ ᠤᠳ ᠢ ᠢᠮᠠᠭᠲᠠ ᠪᠡᠶᠡᠯᠡᠭᠦᠯᠬᠦ ᠪᠡᠷ ᠵᠢᠷᠦᠬᠡ ᠪᠡᠨ ᠵᠣᠷᠢᠭᠤᠯᠤᠭᠰᠠᠨ᠃

113 ᠪᠢ ᠬᠣᠶᠠᠷ ᠰᠠᠨᠠᠭᠠᠲᠠᠨ ᠢ ᠵᠢᠭ᠍ᠰᠢᠨ ᠬᠠᠤᠯᠢ ᠶᠢ ᠲᠠᠨᠢ ᠬᠠᠢᠷᠠᠯᠠᠳᠠᠭ᠂
114 ᠲᠠ ᠪᠣᠯ ᠮᠢᠨᠦ ᠬᠣᠷᠭᠣᠳᠠᠬᠤ ᠭᠠᠵᠠᠷ᠂ ᠮᠢᠨᠦ ᠪᠠᠮᠪᠠᠢ᠂ ᠪᠢ ᠲᠠᠨ ᠤ ᠦᠭᠡᠨ ᠳᠦ ᠨᠠᠢᠳᠠᠳᠠᠭ᠂
115 ᠪᠤᠵᠠᠷ ᠢ ᠦᠢᠯᠡᠳᠦᠭᠴᠢᠳ ᠡ᠂ ᠨᠠᠳᠠ ᠠᠴᠠ ᠵᠠᠢᠯᠠ᠂ ᠪᠢ ᠪᠤᠷᠬᠠᠨ ᠤ ᠪᠠᠨ ᠲᠤᠰᠢᠶᠠᠯ ᠢ ᠰᠠᠬᠢᠶ᠎ᠠ᠂
116 ᠠᠢᠯᠠᠳᠤᠭᠰᠠᠨ ᠶᠣᠰᠣᠭᠠᠷ ᠢᠶᠠᠨ ᠨᠠᠮᠠᠶᠢ ᠲᠦᠰᠢᠨ ᠠᠮᠢᠳᠤᠷᠠᠭᠤᠯᠤᠭᠠᠴᠢ᠂ ᠡᠷᠡᠮᠡᠯᠵᠡᠯ ᠢ ᠮᠢᠨᠢ ᠪᠦᠦ ᠰᠢᠪᠰᠢᠭ ᠪᠣᠯᠭᠠᠭᠠᠴᠢ᠂
117 ᠨᠠᠮᠠᠶᠢ ᠲᠦᠰᠢᠭᠡᠴᠢ᠂ ᠪᠢ ᠠᠪᠤᠷᠠᠭᠳᠠᠪᠠᠯ ᠲᠠᠨ ᠤ ᠲᠣᠭᠲᠠᠭᠠᠯ ᠳᠤ ᠦᠷᠭᠦᠯᠵᠢ ᠠᠩ᠋ᠬᠠᠷᠤᠯ ᠲᠠᠯᠪᠢᠶ᠎ᠠ᠃
118 ᠲᠣᠭᠲᠠᠭᠠᠯ ᠠᠴᠠ ᠲᠠᠨᠢ ᠭᠠᠵᠢᠳᠠᠭ ᠪᠦᠭᠦᠳᠡ ᠶᠢ ᠲᠠ ᠦᠯᠦ ᠣᠢᠰᠢᠶᠠᠳᠠᠭ᠂ ᠲᠡᠳᠡᠨ ᠦ ᠵᠠᠯᠢ ᠮᠡᠬᠡ ᠦᠨᠡᠬᠡᠷ ᠬᠣᠭᠣᠰᠣᠨ ᠶᠤᠮ᠂
119 ᠳᠡᠯᠡᠬᠡᠢ ᠶᠢᠨ ᠪᠦᠬᠦ ᠪᠤᠷᠤᠭᠤᠲᠠᠨ ᠢ ᠲᠠ ᠰᠢᠭᠠᠷᠤ ᠮᠡᠲᠦ ᠬᠠᠶᠠᠳᠠᠭ ᠲᠡᠢᠮᠦ ᠡᠴᠡ ᠪᠢ ᠲᠠᠨ ᠤ ᠵᠠᠷᠴᠢᠮ ᠢ ᠬᠠᠢᠷᠠᠯᠠᠳᠠᠭ᠂
120 ᠮᠢᠬᠠᠨ ᠪᠡᠶ᠎ᠡ ᠮᠢᠨᠢ ᠲᠠᠨ ᠠᠴᠠ ᠡᠮᠢᠶᠡᠨ ᠴᠡᠴᠡᠷᠡᠳᠡᠭ ᠪᠢ ᠲᠠᠨ ᠤ ᠰᠢᠭᠦᠯᠲᠡ ᠡᠴᠡ ᠠᠶᠤᠳᠠᠭ᠃

121 ᠵᠥᠪ ᠰᠢᠳᠤᠷᠭᠤ ᠶᠢ ᠦᠢᠯᠡᠳᠦᠭᠰᠡᠨ ᠨᠠᠮᠠᠶᠢ ᠳᠠᠷᠤᠯᠠᠭᠴᠢᠳ ᠲᠤ ᠮᠢᠨᠢ ᠪᠦᠦ ᠲᠤᠰᠢᠶᠠᠭᠠᠴᠢ᠂
122 ᠵᠠᠷᠤᠴᠠ ᠶᠢᠨ ᠢᠶᠠᠨ ᠰᠠᠢᠨ ᠰᠠᠢᠬᠠᠨ ᠢ ᠲᠠ ᠪᠠᠲᠤᠯᠠᠭᠠᠴᠢ᠂ ᠰᠠᠭᠰᠠᠭᠤᠷᠠᠭᠴᠢᠳ ᠨᠠᠮᠠᠶᠢ ᠪᠦᠦ ᠳᠠᠷᠤᠯᠠᠭ᠂
123 ᠲᠠᠨ ᠤ ᠠᠪᠤᠷᠠᠯ ᠬᠢᠭᠡᠳ ᠵᠥᠪ ᠦᠭᠡ ᠶᠢ ᠬᠦᠯᠢᠶᠡᠭᠰᠡᠭᠡᠷ ᠨᠢᠳᠦ ᠮᠢᠨᠢ ᠭᠠᠷᠠᠬᠠᠯᠠᠳᠠᠭ᠂
124 ᠵᠠᠷᠤᠴᠠ ᠳᠠᠭᠠᠨ ᠡᠨᠡᠷᠢᠯ ᠢᠶᠠᠷ ᠢᠶᠠᠨ ᠬᠠᠨᠳᠤᠵᠤ ᠲᠣᠭᠲᠠᠭᠠᠯ ᠢᠶᠠᠨ ᠨᠠᠳᠠ ᠳᠤ ᠰᠤᠷᠭᠠᠭᠠᠴᠢ᠂
125 ᠪᠢ ᠲᠠᠨ ᠤ ᠵᠠᠷᠤᠴᠠ᠂ ᠨᠠᠳᠠ ᠳᠤ ᠤᠬᠠᠭᠠᠷᠠᠯ ᠢ ᠰᠣᠶᠣᠷᠬᠠᠭᠠᠴᠢ᠂ ᠲᠡᠭᠡᠪᠡᠯ ᠪᠢ ᠲᠠᠨ ᠤ ᠵᠠᠷᠴᠢᠮ ᠢ ᠤᠬᠠᠭᠠᠷᠠᠬᠤ ᠪᠣᠯᠣᠨ᠎ᠠ᠂
126 ᠲᠡᠳᠡ ᠬᠠᠤᠯᠢ ᠶᠢ ᠲᠠᠨᠢ ᠵᠥᠷᠢᠴᠡᠳᠡᠭ᠂ ᠶᠣᠬᠣᠸᠠ᠂ ᠲᠠᠨ ᠤ ᠠᠵᠢᠯᠯᠠᠬᠤ ᠴᠠᠭ ᠪᠣᠯᠵᠠᠢ᠂
127 ᠡᠢᠮᠦ ᠡᠴᠡ ᠪᠢ ᠲᠠᠨ ᠤ ᠲᠤᠰᠢᠶᠠᠯ ᠤᠳ ᠢ ᠠᠯᠲᠠᠨ ᠠᠴᠠ ᠴᠤ᠂ ᠰᠢᠵᠢᠷ ᠠᠯᠲᠠᠨ ᠠᠴᠠ ᠴᠤ ᠢᠯᠡᠭᠦᠦ ᠬᠠᠢᠷᠠᠯᠠᠳᠠᠭ ᠶᠤᠮ᠂
128 ᠪᠢ ᠲᠠᠨ ᠤ ᠵᠢᠭᠠᠪᠤᠷᠢ ᠪᠣᠯᠭᠠᠨ ᠢ ᠵᠥᠪ ᠭᠡᠵᠦ ᠲᠠᠨᠢᠨ ᠬᠠᠭᠤᠷᠮᠠᠭ ᠵᠠᠮ ᠪᠣᠯᠭᠠᠨ ᠢ ᠵᠢᠭ᠍ᠰᠢᠳᠡᠭ ᠶᠤᠮ᠃

129 ᠵᠠᠷᠴᠢᠮ ᠲᠠᠨᠢ ᠭᠠᠢᠬᠠᠮᠰᠢᠭᠲᠠᠢ ᠪᠣᠯᠬᠣᠷ ᠰᠦᠨᠡᠰᠦ ᠮᠢᠨᠢ ᠲᠡᠳᠡᠭᠡᠷ ᠢ ᠰᠠᠬᠢᠳᠠᠭ᠂
130 ᠲᠠᠨ ᠤ ᠦᠭᠡ ᠨᠡᠭᠡᠭᠡᠭᠳᠡᠬᠦ ᠳᠦ ᠭᠡᠷᠡᠯ ᠭᠠᠷᠴᠤ ᠭᠡᠨᠡᠨ ᠢ ᠭᠡᠭᠡᠷᠡᠭᠦᠯᠦᠨ᠎ᠡ᠂
131 ᠪᠢ ᠲᠠᠨ ᠤ ᠲᠤᠰᠢᠶᠠᠯ ᠢ ᠬᠦᠰᠡᠮᠵᠢᠯᠡᠨ ᠠᠮᠠ ᠪᠠᠨ ᠠᠩ᠋ᠭᠠᠢᠨ ᠠᠭᠠᠬᠢᠯᠠᠪᠠ᠂
132 ᠨᠡᠷ᠎ᠡ ᠶᠢ ᠲᠠᠨᠢ ᠬᠠᠢᠷᠠᠯᠠᠭᠰᠠᠳ ᠲᠤ ᠬᠠᠨᠳᠤᠳᠠᠭ ᠰᠢᠭ᠋ ᠢᠶᠠᠨ ᠨᠠᠳᠠ ᠤᠷᠤᠭᠤ ᠡᠷᠭᠢᠵᠦ᠂ ᠨᠠᠮᠠᠶᠢ ᠡᠨᠡᠷᠢᠭᠡᠴᠢ᠂
133 ᠠᠯᠬᠤᠮ ᠢ ᠮᠢᠨᠢ ᠦᠭᠡ ᠪᠡᠷ ᠢᠶᠠᠨ ᠪᠠᠲᠤᠵᠢᠭᠤᠯᠤᠭᠠᠴᠢ᠂ ᠶᠠᠮᠠᠷ ᠴᠤ ᠭᠡᠮ ᠪᠤᠷᠤᠭᠤ ᠨᠠᠮᠠᠶᠢ ᠪᠦᠦ ᠡᠵᠡᠮᠳᠡᠭ᠂
134 ᠬᠥᠮᠦᠨ ᠦ ᠳᠠᠷᠤᠯᠠᠯ ᠠᠴᠠ ᠨᠠᠮᠠᠶᠢ ᠵᠣᠯᠢᠨ ᠠᠪᠤᠷᠠᠭᠠᠴᠢ᠂ ᠪᠢ ᠲᠠᠨ ᠤ ᠵᠢᠭᠠᠪᠤᠷᠢ ᠶᠢ ᠳᠠᠭᠠᠶ᠎ᠠ᠂
135 ᠨᠢᠭᠤᠷ ᠢᠶᠠᠨ ᠵᠠᠷᠤᠴᠠ ᠶᠢᠨ ᠢᠶᠠᠨ ᠳᠡᠭᠡᠭᠦᠷ ᠭᠡᠶᠢᠭᠦᠯᠵᠦ ᠲᠣᠭᠲᠠᠭᠠᠯ ᠢᠶᠠᠨ ᠨᠠᠳᠠ ᠳᠤ ᠰᠤᠷᠭᠠᠭᠠᠴᠢ᠂
136 ᠬᠥᠮᠦᠰ ᠬᠠᠤᠯᠢ ᠶᠢ ᠲᠠᠨᠢ ᠰᠠᠬᠢᠳᠠᠭ ᠦᠭᠡᠢ ᠤᠴᠢᠷ ᠨᠢᠳᠦᠨ ᠡᠴᠡ ᠮᠢᠨᠢ ᠤᠰᠤᠨ ᠤ ᠤᠷᠤᠰᠬᠠᠯ ᠤᠷᠤᠰᠤᠨ᠎ᠠ᠃

137 ᠶᠣᠬᠣᠸᠠ᠂ ᠲᠠ ᠪᠣᠯ ᠵᠥᠪ ᠲᠠᠨ ᠤ ᠰᠢᠭᠦᠯᠲᠡ ᠰᠢᠳᠤᠷᠭᠤ᠂
138 ᠲᠤᠰᠢᠶᠠᠭᠰᠠᠨ ᠵᠠᠷᠴᠢᠮ ᠲᠠᠨᠢ ᠵᠥᠪ᠂ ᠦᠨᠡᠬᠡᠷ ᠢᠲᠡᠭᠡᠮᠵᠢᠲᠠᠢ᠂
139 ᠥᠰᠲᠡᠨ ᠨᠦᠭᠦᠳ ᠮᠢᠨᠢ ᠲᠠᠨ ᠤ ᠦᠭᠡᠰ ᠢ ᠣᠢᠰᠢᠶᠠᠳᠠᠭ ᠦᠭᠡᠢ ᠲᠤᠯᠠ ᠠᠭᠤᠷ ᠮᠢᠨᠢ ᠨᠠᠮᠠᠶᠢ ᠰᠢᠲᠠᠭᠠᠪᠠ᠂
140 ᠲᠠᠨ ᠤ ᠦᠭᠡ ᠪᠣᠯ ᠭᠦᠢᠴᠡᠳ ᠰᠢᠷᠭᠠᠭᠠᠭᠳᠠᠭᠰᠠᠨ᠂ ᠲᠠᠨ ᠤ ᠵᠠᠷᠤᠴᠠ ᠲᠡᠭᠦᠨ ᠳᠦ ᠬᠠᠢᠷᠠᠲᠠᠢ᠂
141 ᠥᠴᠦᠬᠡᠨ ᠪᠢ ᠪᠠᠰᠤᠮᠵᠢᠯᠠᠭᠳᠠᠳᠠᠭ ᠪᠣᠯᠪᠠᠴᠤ ᠲᠠᠨ ᠤ ᠵᠢᠭᠠᠪᠤᠷᠢ ᠶᠢ ᠮᠠᠷᠲᠠᠳᠠᠭ ᠦᠭᠡᠢ᠂
142 ᠲᠠᠨ ᠤ ᠵᠥᠪ ᠡᠭᠦᠷᠢᠳᠡ ᠲᠠᠨ ᠤ ᠬᠠᠤᠯᠢ ᠦᠨᠡᠨ᠂
143 ᠵᠣᠪᠠᠯᠠᠩ ᠵᠦᠳᠡᠭᠦᠷᠢ ᠨᠠᠳᠠ ᠳᠤ ᠲᠣᠬᠢᠶᠠᠯᠳᠤᠳᠠᠭ ᠪᠣᠯᠪᠠᠴᠤ ᠲᠠᠨ ᠤ ᠲᠤᠰᠢᠶᠠᠯ ᠮᠢᠨᠦ ᠲᠠᠭᠠᠰᠢᠶᠠᠯ ᠶᠤᠮ᠂
144 ᠵᠠᠷᠴᠢᠮ ᠲᠠᠨᠢ ᠡᠭᠦᠷᠢᠳᠡ ᠵᠥᠪ᠂ ᠤᠬᠠᠭᠠᠷᠠᠯ ᠢ ᠰᠣᠶᠣᠷᠬᠠᠨ ᠨᠠᠮᠠᠶᠢ ᠠᠮᠢᠳᠤ ᠪᠠᠢᠯᠭᠠᠭᠠᠴᠢ᠃

145 ᠪᠦᠬᠦᠢᠯᠡ ᠵᠢᠷᠦᠬᠡ ᠪᠡᠷ ᠢᠶᠠᠨ ᠪᠢ ᠬᠠᠰᠬᠢᠷᠳᠠᠭ᠂ ᠶᠣᠬᠣᠸᠠ᠂ ᠬᠠᠷᠢᠭᠤᠯᠤᠭᠠᠴᠢ︕ ᠪᠢ ᠲᠣᠭᠲᠠᠭᠠᠯ ᠤᠳ ᠢ ᠲᠠᠨᠢ ᠳᠠᠭᠠᠶ᠎ᠠ᠂
146 ᠲᠠᠨ ᠥᠭᠡᠳᠡ ᠪᠢ ᠬᠠᠰᠬᠢᠷᠳᠠᠭ᠂ ᠨᠠᠮᠠᠶᠢ ᠠᠪᠤᠷᠠᠭᠠᠴᠢ ᠪᠢ ᠵᠠᠷᠴᠢᠮ ᠢ ᠲᠠᠨᠢ ᠰᠠᠬᠢᠶ᠎ᠠ᠂
147 ᠪᠢ ᠦᠷ ᠴᠠᠢᠬᠤ ᠠᠴᠠ ᠡᠮᠦᠨ᠎ᠡ ᠪᠣᠰᠴᠤ ᠲᠤᠰᠠᠯᠠᠮᠵᠢ ᠭᠤᠶᠤᠨ ᠬᠠᠰᠬᠢᠷᠳᠠᠭ᠂ ᠪᠢ ᠲᠠᠨ ᠤ ᠦᠭᠡᠨ ᠳᠦ ᠨᠠᠢᠳᠠᠳᠠᠭ᠂
148 ᠲᠠᠨ ᠤ ᠦᠭᠡ ᠶᠢ ᠲᠤᠩ᠋ᠭᠠᠨ ᠪᠣᠳᠣᠬᠤ ᠶᠢᠨ ᠲᠤᠯᠠᠳᠠ ᠨᠢᠳᠦ ᠮᠢᠨᠢ ᠰᠥᠨᠢ ᠳᠤᠮᠳᠠ ᠪᠠᠷ ᠨᠡᠭᠡᠭᠡᠯᠲᠡ ᠲᠠᠢ ᠪᠠᠢᠳᠠᠭ᠂
149 ᠶᠣᠬᠣᠸᠠ᠂ ᠬᠠᠢᠷ᠎ᠠ ᠶᠢᠨ ᠢᠶᠠᠨ ᠳᠠᠭᠠᠤ ᠳᠠᠭᠤ ᠶᠢ ᠮᠢᠨᠢ ᠰᠣᠨᠣᠰᠣᠭᠠᠴᠢ ᠰᠢᠳᠤᠷᠭᠤ ᠶᠢᠨ ᠢᠶᠠᠨ ᠳᠠᠭᠠᠤ ᠨᠠᠮᠠᠶᠢ ᠰᠡᠷᠭᠦᠭᠡᠭᠡᠴᠢ᠂
150 ᠬᠣᠷᠣᠨ ᠮᠠᠭᠤ ᠶᠢ ᠳᠠᠭᠠᠭᠴᠢᠳ ᠣᠢᠷᠠᠲᠤᠭᠰᠠᠨ ᠲᠡᠳᠡ ᠲᠠᠨ ᠤ ᠬᠠᠤᠯᠢ ᠡᠴᠡ ᠬᠣᠯᠠᠳᠠᠭᠰᠠᠨ᠂
151 ᠬᠠᠷᠢᠨ ᠶᠣᠬᠣᠸᠠ ᠣᠢᠷᠠᠬᠠᠨ ᠪᠠᠢᠳᠠᠭ ᠲᠠᠨ ᠤ ᠲᠤᠰᠢᠶᠠᠯ ᠪᠦᠷᠢ ᠢᠲᠡᠭᠡᠮᠵᠢᠲᠠᠢ᠂
152 ᠡᠷᠲᠡᠨ ᠡᠴᠡ ᠪᠢ ᠲᠠᠨ ᠤ ᠵᠠᠷᠴᠢᠮ ᠢ ᠦᠵᠡᠭᠡᠳ ᠲᠠ ᠲᠡᠳᠡᠭᠡᠷ ᠢ ᠡᠭᠦᠷᠢᠳᠡ ᠲᠣᠭᠲᠠᠭᠠᠭᠰᠠᠨ ᠢ ᠮᠡᠳᠡᠭᠰᠡᠨ᠃

153 ᠬᠠᠤᠯᠢ ᠶᠢ ᠲᠠᠨᠢ ᠪᠢ ᠮᠠᠷᠲᠠᠭ᠎ᠠ ᠦᠭᠡᠢ᠂ ᠭᠠᠰᠠᠯᠠᠩ ᠢ ᠮᠢᠨᠢ ᠬᠠᠷᠠᠵᠤ ᠨᠠᠮᠠᠶᠢ ᠴᠢᠯᠥᠭᠡᠯᠡᠭᠡᠴᠢ᠂
154 ᠬᠡᠷᠡᠭ ᠢ ᠮᠢᠨᠢ ᠥᠮᠥᠭᠯᠡᠵᠦ᠂ ᠨᠠᠮᠠᠶᠢ ᠵᠣᠯᠢᠨ ᠠᠮᠠᠯᠠᠭᠰᠠᠨ ᠤ ᠪᠠᠨ ᠳᠠᠭᠠᠤ ᠨᠠᠮᠠᠶᠢ ᠰᠡᠷᠭᠦᠭᠡᠭᠡᠴᠢ᠂
155 ᠲᠣᠭᠲᠠᠭᠠᠯ ᠢ ᠲᠠᠨᠢ ᠦᠯᠦ ᠬᠦᠰᠡᠳᠡᠭ ᠪᠤᠷᠤᠭᠤᠲᠠᠳ ᠠᠴᠠ ᠠᠪᠤᠷᠠᠯ ᠬᠣᠯᠠ᠂
156 ᠶᠣᠬᠣᠸᠠ᠂ ᠲᠠᠨ ᠤ ᠥᠷᠥᠰᠢᠶᠡᠯ ᠠᠭᠤᠤ᠂ ᠵᠢᠷᠤᠮ ᠤᠨ ᠢᠶᠠᠨ ᠳᠠᠭᠠᠤ ᠨᠠᠮᠠᠶᠢ ᠰᠡᠷᠭᠦᠭᠡᠭᠡᠴᠢ᠂
157 ᠨᠠᠮᠠᠶᠢ ᠬᠠᠪᠴᠢᠭᠴᠢᠳ᠂ ᠨᠠᠮᠠᠶᠢ ᠳᠠᠢᠰᠤᠩᠨᠠᠭᠴᠢᠳ ᠣᠯᠠᠨ ᠪᠠᠢᠯ᠎ᠠ ᠴᠤ ᠪᠢ ᠲᠠᠨ ᠤ ᠵᠠᠷᠴᠢᠮ ᠠᠴᠠ ᠡᠷᠭᠢᠬᠦ ᠦᠭᠡᠢ᠂
158 ᠦᠭᠡ ᠶᠢ ᠲᠠᠨᠢ ᠳᠠᠭᠠᠳᠠᠭ ᠦᠭᠡᠢ ᠢᠲᠡᠭᠡᠯ ᠠᠯᠳᠠᠭᠰᠠᠳ ᠢ ᠬᠠᠷᠠᠬᠤ ᠳᠠᠭᠠᠨ ᠪᠢ ᠳᠤᠷ᠎ᠠ ᠦᠭᠡᠢ ᠬᠦᠷᠪᠡ᠂
159 ᠲᠠᠨ ᠤ ᠶᠣᠰᠣ ᠵᠢᠷᠤᠮ ᠢ ᠬᠡᠷᠬᠢᠨ ᠬᠠᠢᠷᠠᠯᠠᠵᠤ ᠪᠠᠢᠭ᠎ᠠ ᠶᠢ ᠮᠢᠨᠢ ᠬᠠᠷᠠᠭᠠᠴᠢ ᠶᠣᠬᠣᠸᠠ᠂ ᠦᠨᠡᠨ ᠬᠠᠢᠷ᠎ᠠ ᠶᠢᠨ ᠢᠶᠠᠨ ᠳᠠᠭᠠᠤ ᠨᠠᠮᠠᠶᠢ ᠰᠡᠷᠭᠦᠭᠡᠭᠡᠴᠢ᠂
160 ᠲᠠᠨ ᠤ ᠪᠦᠬᠦ ᠦᠭᠡ ᠦᠨᠡᠨ ᠲᠠᠨ ᠤ ᠵᠥᠪ ᠰᠢᠭᠦᠯᠲᠡ ᠪᠦᠭᠦᠳᠡ ᠡᠭᠦᠷᠢᠳᠡ ᠶᠢᠨ ᠬᠢ ᠶᠤᠮ᠃

161 ᠵᠠᠬᠢᠷᠤᠭᠴᠢᠳ ᠨᠠᠮᠠᠶᠢ ᠰᠢᠯᠲᠠᠭᠠᠨ ᠦᠭᠡᠢ ᠪᠠᠷ ᠬᠠᠪᠴᠢᠳᠠᠭ ᠪᠣᠯᠪᠠᠴᠤ ᠵᠢᠷᠦᠬᠡ ᠮᠢᠨᠢ ᠲᠠᠨ ᠤ ᠦᠭᠡᠨ ᠡᠴᠡ ᠯᠠ ᠰᠦᠷᠳᠡᠳᠡᠭ᠂
162 ᠶᠡᠬᠡ ᠣᠯᠵᠠ ᠣᠯᠣᠭᠰᠠᠨ ᠬᠥᠮᠦᠨ ᠰᠢᠭ ᠪᠢ ᠲᠠᠨ ᠤ ᠦᠭᠡᠨ ᠳᠦ ᠪᠠᠶᠠᠰᠳᠠᠭ᠂
163 ᠬᠠᠭᠤᠷᠮᠠᠭ ᠢ ᠵᠢᠭ᠍ᠰᠢᠨ ᠵᠢᠪᠡᠭᠦᠴᠡᠵᠦ ᠬᠠᠤᠯᠢ ᠶᠢ ᠲᠠᠨᠢ ᠬᠠᠢᠷᠠᠯᠠᠳᠠᠭ᠂
164 ᠲᠠᠨ ᠤ ᠵᠥᠪ ᠰᠢᠭᠦᠯᠲᠡ ᠶᠢᠨ ᠤᠯᠠᠮ ᠢᠶᠠᠷ ᠲᠠᠨ ᠢ ᠪᠢ ᠡᠳᠦᠷ ᠲᠦ ᠳᠣᠯᠣᠭᠠᠨ ᠤᠳᠠᠭ᠎ᠠ ᠮᠠᠭᠲᠠᠳᠠᠭ᠂
165 ᠲᠠᠨ ᠤ ᠬᠠᠤᠯᠢ ᠶᠢ ᠬᠠᠢᠷᠠᠯᠠᠭᠴᠢᠳ ᠦᠯᠡᠮᠵᠢ ᠠᠮᠤᠭᠤᠯᠠᠩ ᠪᠠᠢᠳᠠᠭ᠂ ᠲᠡᠳᠡᠨ ᠢ ᠪᠦᠳᠦᠷᠢᠭᠦᠯᠬᠦ ᠵᠦᠢᠯ ᠪᠠᠢᠳᠠᠭ ᠦᠭᠡᠢ᠂
166 ᠶᠣᠬᠣᠸᠠ᠂ ᠪᠢ ᠲᠠᠨ ᠤ ᠠᠪᠤᠷᠠᠯ ᠳᠤ ᠨᠠᠢᠳᠠᠨ ᠲᠠᠨ ᠤ ᠲᠤᠰᠢᠶᠠᠯ ᠢ ᠪᠡᠶᠡᠯᠡᠭᠦᠯᠳᠡᠭ᠂
167 ᠪᠢ ᠵᠠᠷᠴᠢᠮ ᠤᠳ ᠢ ᠲᠠᠨᠢ ᠰᠠᠬᠢᠵᠤ ᠲᠡᠳᠡᠭᠡᠷ ᠢ ᠶᠡᠬᠡᠳᠡ ᠬᠠᠢᠷᠠᠯᠠᠳᠠᠭ᠂
168 ᠮᠢᠨᠦ ᠪᠦᠬᠦ ᠵᠠᠮ ᠲᠠᠨ ᠤ ᠡᠮᠦᠨ᠎ᠡ ᠢᠯᠡ ᠪᠠᠢᠳᠠᠭ ᠪᠢ ᠲᠠᠨ ᠤ ᠵᠢᠭᠠᠪᠤᠷᠢ ᠪᠠ ᠵᠠᠷᠴᠢᠮ ᠢ ᠰᠠᠬᠢᠶ᠎ᠠ᠃

169 ᠬᠠᠰᠬᠢᠷᠬᠤ ᠳᠠᠭᠤ ᠮᠢᠨᠢ ᠶᠣᠬᠣᠸᠠ ᠲᠠᠨ ᠤ ᠣᠷᠣᠰᠢᠬᠤᠢ ᠳᠤ ᠬᠥᠷᠥᠭ ᠦᠭᠡ ᠶᠢᠨ ᠢᠶᠠᠨ ᠳᠠᠭᠠᠤ ᠤᠬᠠᠭᠠᠷᠠᠯ ᠢ ᠨᠠᠳᠠ ᠳᠤ ᠰᠣᠶᠣᠷᠬᠠᠭᠠᠴᠢ᠂
170 ᠭᠤᠶᠤᠯᠲᠠ ᠮᠢᠨᠢ ᠲᠠᠨ ᠤ ᠣᠷᠣᠰᠢᠬᠤᠢ ᠳᠤ ᠤᠷᠤᠭ᠂ ᠦᠭᠡ ᠶᠢᠨ ᠢᠶᠠᠨ ᠳᠠᠭᠠᠤ ᠨᠠᠮᠠᠶᠢ ᠠᠪᠤᠷᠠᠭᠠᠴᠢ᠂
171 ᠲᠠ ᠨᠠᠳᠠ ᠳᠤ ᠲᠣᠭᠲᠠᠭᠠᠯ ᠢᠶᠠᠨ ᠰᠤᠷᠭᠠᠳᠠᠭ ᠤᠴᠢᠷ ᠣᠷᠣᠭᠤᠯ ᠮᠢᠨᠢ ᠮᠠᠭᠲᠠᠭᠠᠯ ᠢ ᠠᠰᠬᠠᠭ᠂
172 ᠠᠯᠢᠪᠠ ᠲᠤᠰᠢᠶᠠᠯ ᠲᠠᠨᠢ ᠵᠥᠪ ᠤᠴᠢᠷ ᠠᠴᠠ ᠠᠢᠯᠠᠳᠪᠤᠷᠢ ᠶᠢ ᠲᠠᠨᠢ ᠬᠡᠯᠡ ᠮᠢᠨᠢ ᠳᠠᠭᠤᠯᠠᠨ᠎ᠠ᠂
173 ᠲᠠᠨ ᠤ ᠮᠤᠲᠤᠷ ᠨᠠᠳᠠ ᠳᠤ ᠲᠤᠰᠠᠯᠠᠬᠤ ᠳᠤ ᠪᠡᠯᠡᠬᠡᠨ ᠪᠠᠢᠬᠤ ᠪᠣᠯᠲᠤᠭᠠᠢ᠂ ᠪᠢ ᠲᠠᠨ ᠤ ᠵᠢᠭᠠᠪᠤᠷᠢ ᠨᠤᠭᠤᠳ ᠢ ᠰᠣᠩ᠋ᠭᠣᠭᠰᠠᠨ ᠶᠤᠮ᠂
174 ᠶᠣᠬᠣᠸᠠ᠂ ᠲᠠᠨ ᠤ ᠠᠪᠤᠷᠠᠯ ᠮᠢᠨᠦ ᠲᠡᠮᠡᠦᠯᠦᠯ ᠲᠠᠨ ᠤ ᠬᠠᠤᠯᠢ ᠮᠢᠨᠦ ᠪᠠᠶᠠᠰᠤᠯ᠂
175 ᠰᠡᠳᠬᠢᠯ ᠢ ᠮᠢᠨᠢ ᠠᠮᠢᠳᠤ ᠪᠠᠢᠯᠭᠠᠭᠠᠴᠢ᠂ ᠪᠢ ᠲᠠᠨ ᠢ ᠮᠠᠭᠲᠠᠶ᠎ᠠ᠂ ᠰᠢᠢᠳᠪᠦᠷᠢ ᠲᠠᠨᠢ ᠨᠠᠮᠠᠶᠢ ᠲᠤᠰᠠᠯᠠᠬᠤ ᠪᠣᠯᠲᠤᠭᠠᠢ᠂
176 ᠠᠯᠳᠠᠭᠳᠠᠭᠰᠠᠨ ᠬᠣᠨᠢ ᠮᠡᠲᠦ ᠪᠢ ᠲᠥᠭᠡᠷᠢᠭᠰᠡᠨ᠂ ᠵᠠᠷᠤᠴᠠ ᠪᠠᠨ ᠬᠠᠢᠨ ᠣᠯᠣᠭᠠᠴᠢ ᠲᠤᠰᠢᠶᠠᠯ ᠢ ᠲᠠᠨᠢ ᠪᠢ ᠮᠠᠷᠲᠠᠭ᠎ᠠ ᠦᠭᠡᠢ᠃