ᠳᠠᠭᠤᠯᠠᠯ ᠵᠢᠷᠠᠨ ᠬᠣᠶᠠᠷ
ᠪᠤᠷᠬᠠᠨ ᠳᠤ ᠴᠢᠮᠡᠭᠡ ᠦᠭᠡᠢ ᠨᠠᠢᠳᠠ
ᠳ᠋ᠠᠸᠢᠳ᠋ ᠤᠨ ᠳᠠᠭᠤᠯᠠᠯ᠃ ᠨᠠᠢᠷᠠᠯ ᠳᠠᠭᠤᠤ ᠶᠢᠨ ᠤᠳᠤᠷᠢᠳᠤᠭᠠᠴᠢ ᠶᠧᠳᠦ᠋ᠲ᠋ᠦ᠋ᠨ ᠳᠤ᠃
1 ᠰᠡᠳᠬᠢᠯ ᠮᠢᠨᠢ ᠪᠤᠷᠬᠠᠨ ᠳᠤ ᠯᠠ ᠬᠠᠨᠳᠤᠵᠤ ᠴᠢᠮᠡᠭᠡ ᠦᠭᠡᠢ ᠪᠠᠢᠨ᠎ᠠ ᠠᠪᠤᠷᠠᠯ ᠮᠢᠨᠢ ᠲᠡᠭᠦᠨ ᠡᠴᠡ ᠶᠤᠮ᠂
2 ᠲᠡᠷᠡ ᠯᠠ ᠮᠢᠨᠦ ᠬᠠᠳᠠ᠂ ᠮᠢᠨᠦ ᠠᠪᠤᠷᠠᠯ ᠮᠢᠨᠦ ᠴᠠᠢᠵᠠ᠂ ᠪᠢ ᠶᠡᠷᠦ ᠭᠠᠩ᠋ᠬᠤᠬᠤ ᠦᠭᠡᠢ᠃
3 ᠲᠠ ᠨᠠᠷ ᠬᠡᠳᠦᠢ ᠪᠣᠯᠲᠠᠯ᠎ᠠ ᠬᠥᠮᠦᠨ ᠢ ᠳᠣᠪᠲᠣᠯᠣᠭᠠᠳ ᠪᠠᠢᠬᠤ ᠶᠤᠮ ᠪᠤᠢ︖ ᠬᠠᠵᠠᠢᠵᠤ ᠪᠤᠢ ᠬᠠᠨ᠎ᠠ᠂ ᠭᠠᠩ᠋ᠬᠤᠵᠤ ᠪᠤᠢ ᠬᠠᠰᠢᠶ᠎ᠠ ᠮᠡᠲᠦ ᠪᠦᠭᠦᠳᠡᠭᠡᠷ ᠢᠶᠡᠨ ᠠᠯᠠᠭᠤᠯᠬᠤ ᠪᠣᠯᠣᠨ᠎ᠠ᠃
4 ᠲᠡᠳᠡ ᠬᠥᠮᠦᠨ ᠢ ᠥᠨᠳᠥᠷ ᠡᠴᠡ ᠲᠦᠯᠬᠢᠬᠦ ᠪᠡᠷ ᠬᠤᠤᠪᠢᠯᠳᠤᠳᠠᠭ᠂ ᠲᠡᠳᠡ ᠬᠠᠭᠤᠷᠮᠠᠭ ᠲᠤ ᠳᠤᠷᠠᠲᠠᠢ ᠠᠮᠠ ᠪᠠᠷ ᠢᠶᠠᠨ ᠢᠷᠥᠭᠡᠨ ᠳᠣᠲᠣᠷ᠎ᠠ ᠪᠠᠨ ᠬᠠᠷᠢᠶᠠᠳᠠᠭ᠃
ᠰᠧᠯᠠ
5 ᠰᠡᠳᠬᠢᠯ ᠮᠢᠨᠢ᠂ ᠪᠤᠷᠬᠠᠨ ᠳᠤ ᠯᠠ ᠬᠠᠨᠳᠤᠨ ᠴᠢᠮᠡᠭᠡ ᠦᠭᠡᠢ ᠪᠠᠢ᠂ ᠨᠠᠢᠳᠠᠪᠤᠷᠢ ᠮᠢᠨᠢ ᠲᠡᠭᠦᠨ ᠡᠴᠡ ᠶᠤᠮ᠃
6 ᠲᠡᠷᠡ ᠯᠠ ᠮᠢᠨᠦ ᠬᠠᠳᠠ᠂ ᠮᠢᠨᠦ ᠠᠪᠤᠷᠠᠯ ᠮᠢᠨᠦ ᠴᠠᠢᠵᠠ᠂ ᠪᠢ ᠭᠠᠩ᠋ᠬᠤᠬᠤ ᠦᠭᠡᠢ᠃
7 ᠮᠢᠨᠦ ᠠᠪᠤᠷᠠᠯ᠂ ᠮᠢᠨᠦ ᠠᠯᠳᠠᠷ ᠪᠤᠷᠬᠠᠨ ᠠᠴᠠ ᠬᠦᠴᠦᠨ ᠦ ᠮᠢᠨᠢ ᠬᠠᠳᠠ᠂ ᠮᠢᠨᠦ ᠬᠣᠷᠭᠣᠳᠠᠬᠤ ᠭᠠᠵᠠᠷ ᠪᠤᠷᠬᠠᠨ ᠳᠤ ᠪᠠᠢᠳᠠᠭ᠃
8 ᠬᠥᠮᠦᠰ ᠡ᠂ ᠪᠦᠬᠦ ᠴᠠᠭ ᠲᠤ ᠲᠡᠭᠦᠨ ᠳᠦ ᠢᠲᠡᠭᠡ ᠲᠡᠭᠦᠨ ᠦ ᠡᠮᠦᠨ᠎ᠡ ᠵᠢᠷᠦᠬᠡ ᠪᠡᠨ ᠠᠭᠤᠳᠠᠯ ᠪᠤᠷᠬᠠᠨ ᠪᠣᠯ ᠪᠢᠳᠡᠨ ᠦ ᠬᠣᠷᠭᠣᠳᠠᠬᠤ ᠭᠠᠵᠠᠷ ᠶᠤᠮ᠃
ᠰᠧᠯᠠ
9 ᠦᠨᠡᠬᠡᠷ ᠬᠥᠮᠦᠨ ᠦ ᠬᠥᠪᠡᠭᠦᠳ ᠪᠣᠯ ᠳᠡᠮᠡᠢ᠂ ᠬᠥᠮᠦᠨ ᠪᠣᠯ ᠬᠠᠭᠤᠷᠮᠠᠭ ᠵᠢᠩᠯᠡᠭᠦᠷ ᠳᠡᠭᠡᠷ᠎ᠡ ᠲᠠᠯᠪᠢᠪᠠᠯ ᠨᠡᠢᠯᠡᠭᠡᠳ ᠠᠮᠢᠰᠬᠤᠯ ᠲᠡᠳᠦᠢ ᠶᠤᠮ᠃
10 ᠳᠠᠷᠤᠯᠠᠯ ᠳᠠᠭᠠᠨ ᠪᠦᠦ ᠢᠲᠡᠭᠡ ᠳᠡᠭᠡᠷᠡᠮᠳᠡᠯ ᠳᠦ ᠬᠣᠭᠣᠰᠣᠨ ᠨᠠᠢᠳᠠᠯᠭ᠎ᠠ ᠪᠦᠦ ᠲᠠᠯᠪᠢ ᠬᠥᠷᠥᠩᠭᠡ ᠴᠢᠨᠡᠭᠡ ᠴᠢᠨᠢ ᠨᠡᠮᠡᠭᠳᠡᠭᠰᠡᠨ ᠴᠤ ᠲᠡᠭᠦᠨ ᠢᠶᠡᠷ ᠰᠡᠳᠬᠢᠯ ᠢᠶᠠᠨ ᠪᠦᠦ ᠡᠵᠡᠮᠳᠡᠭᠦᠯ᠃
11 ᠪᠤᠷᠬᠠᠨ ᠨᠢᠭᠡ ᠠᠢᠯᠠᠳᠴᠤ ᠪᠢ ᠬᠣᠶᠠᠷ ᠰᠣᠨᠣᠰᠪᠠ᠂ ᠬᠦᠴᠦ ᠴᠢᠳᠠᠯ ᠪᠤᠷᠬᠠᠨ ᠤ ᠬᠢ
12 ᠬᠠᠢᠷ᠎ᠠ ᠡᠨᠡᠷᠢᠯ ᠴᠤ ᠡᠵᠡᠨ ᠲᠠᠨ ᠤ ᠬᠢ ᠲᠠ ᠬᠥᠮᠦᠨ ᠪᠦᠷᠢ ᠳᠤ ᠦᠢᠯᠡᠳᠦᠭᠰᠡᠨ ᠦ ᠬᠢᠨᠢ ᠳᠠᠭᠠᠤ ᠬᠠᠷᠢᠭᠤᠯᠤᠨ᠎ᠠ᠃