ᠳᠠᠭᠤᠯᠠᠯ ᠶᠡᠷᠡᠨ ᠨᠢᠭᠡ
ᠪᠤᠷᠬᠠᠨ ᠤ ᠬᠠᠮᠠᠭᠠᠯᠠᠯᠲᠠ ᠳᠣᠣᠷ᠎ᠠ
1 ᠬᠠᠮᠤᠭ ᠤᠨ ᠳᠡᠭᠡᠳᠦ ᠨᠢᠭᠡᠨ ᠦ ᠬᠣᠷᠭᠣᠳᠠᠬᠤ ᠭᠠᠵᠠᠷ ᠲᠤ ᠰᠠᠭᠤᠵᠤ ᠪᠠᠢᠭ᠎ᠠ ᠨᠢᠭᠡᠨ ᠲᠡᠭᠦᠰ ᠬᠦᠴᠦᠲᠦ ᠨᠢᠭᠡᠨ ᠦ ᠰᠡᠭᠦᠳᠡᠷ ᠲᠦ ᠠᠮᠢᠳᠤᠷᠠᠬᠤ ᠪᠣᠯᠣᠨ᠎ᠠ᠂
2 ᠪᠢ ᠶᠣᠬᠣᠸᠠ ᠶᠢᠨ ᠲᠤᠬᠠᠢ 《ᠮᠢᠨᠦ ᠬᠣᠷᠭᠣᠳᠠᠬᠤ ᠭᠠᠵᠠᠷ᠂ ᠮᠢᠨᠦ ᠴᠠᠢᠵᠠ ᠮᠢᠨᠦ ᠢᠲᠡᠭᠡᠳᠡᠭ ᠪᠤᠷᠬᠠᠨ》 ᠭᠡᠨ᠎ᠡ᠃
3 ᠴᠢᠮᠠᠶᠢ ᠠᠩᠴᠢᠨ ᠤ ᠤᠷᠠᠬᠠᠨ ᠠᠴᠠ ᠦᠬᠦᠯ ᠦᠨ ᠲᠠᠬᠤᠯ ᠠᠴᠠ ᠠᠪᠤᠷᠠᠭᠴᠢ ᠨᠢ ᠲᠡᠷᠡ ᠯᠠ ᠶᠤᠮ᠃
4 ᠲᠡᠷᠡ ᠴᠢᠮᠠᠶᠢ ᠥᠳᠥ ᠪᠡᠷ ᠢᠶᠠᠨ ᠬᠤᠴᠢᠵᠤ ᠴᠢ ᠲᠡᠭᠦᠨ ᠦ ᠵᠢᠭᠦᠷ ᠦᠨ ᠳᠣᠣᠷ᠎ᠠ ᠬᠣᠷᠭᠣᠳᠠᠬᠤ ᠪᠣᠯᠣᠨ᠎ᠠ ᠲᠡᠭᠦᠨ ᠦ ᠢᠲᠡᠭᠡᠮᠵᠢᠲᠦ ᠪᠠᠢᠳᠠᠯ ᠪᠠᠮᠪᠠᠢ ᠪᠣᠯᠣᠨ ᠪᠡᠬᠢᠯᠡᠯᠲᠡ ᠶᠤᠮ᠃
5 ᠴᠢ ᠰᠥᠨᠢ ᠶᠢᠨ ᠠᠶᠤᠯ ᠠᠴᠠ ᠡᠳᠦᠷ ᠦᠨ ᠢᠰᠭᠡᠷᠦᠨ ᠨᠢᠰᠬᠦ ᠰᠤᠮᠤᠨ ᠠᠴᠠ
6 ᠬᠠᠷᠠᠩ᠋ᠭᠤᠢ ᠳᠤ ᠲᠠᠷᠬᠠᠬᠤ ᠲᠠᠬᠤᠯ ᠠᠴᠠ ᠦᠳᠡ ᠳᠤᠮᠳᠠ ᠰᠦᠢᠳᠬᠡᠬᠦ ᠰᠦᠢᠷᠡᠯ ᠡᠴᠡ ᠠᠶᠤᠬᠤ ᠬᠡᠷᠡᠭ ᠦᠭᠡᠢ᠂
7 ᠮᠢᠩ᠋ᠭᠠᠨ ᠬᠥᠮᠦᠨ ᠴᠢᠨᠦ ᠳᠡᠷᠭᠡᠳᠡ ᠲᠦᠮᠡᠨ ᠬᠥᠮᠦᠨ ᠴᠢᠨᠦ ᠪᠠᠷᠠᠭᠤᠨ ᠲᠠᠯ᠎ᠠ ᠳᠤ ᠤᠨᠠᠪᠠᠴᠤ ᠲᠡᠳᠡᠭᠡᠷ ᠨᠢ ᠴᠢᠮ᠎ᠠ ᠳᠤ ᠣᠢᠷᠠᠲᠤᠬᠤ ᠦᠭᠡᠢ᠃
8 ᠴᠢ ᠨᠢᠳᠦ ᠪᠡᠷ ᠢᠶᠠᠨ ᠬᠠᠷᠠᠭᠠᠳ ᠯᠠ ᠪᠤᠷᠤᠭᠤᠲᠠᠨ ᠤ ᠠᠪᠬᠤ ᠰᠢᠳᠬᠡᠯ ᠢ ᠦᠵᠡᠬᠦ ᠪᠣᠯᠣᠨ᠎ᠠ᠃
9 ᠴᠢ ᠶᠣᠬᠣᠸᠠ ᠶᠢ ᠥᠪᠡᠷ ᠦᠨ ᠢᠶᠠᠨ ᠬᠣᠷᠭᠣᠳᠠᠬᠤ ᠭᠠᠵᠠᠷ ᠬᠠᠮᠤᠭ ᠤᠨ ᠳᠡᠭᠡᠳᠦ ᠨᠢᠭᠡᠨ ᠢ ᠥᠪᠡᠷ ᠦᠨ ᠢᠶᠠᠨ ᠣᠷᠣᠰᠢᠬᠤ ᠪᠠᠢᠷᠢ ᠪᠣᠯᠭᠠᠭᠰᠠᠨ ᠤᠴᠢᠷ
10 ᠬᠣᠣᠷ ᠬᠥᠨᠥᠭᠡᠯ ᠴᠢᠮ᠎ᠠ ᠳᠤ ᠤᠴᠠᠷᠠᠬᠤ ᠦᠭᠡᠢ ᠭᠠᠮᠰᠢᠭ ᠴᠢᠨᠦ ᠮᠠᠢᠬᠠᠨ ᠳᠤ ᠣᠢᠷᠠᠲᠤᠬᠤ ᠦᠭᠡᠢ᠃
11 ᠲᠡᠷᠡ ᠲᠩᠷᠢ ᠡᠯᠴᠢᠳ ᠲᠡᠭᠡᠨ ᠴᠢᠨᠦ ᠲᠤᠬᠠᠢ ᠵᠠᠬᠢᠨ ᠴᠢᠮᠠᠶᠢ ᠪᠦᠬᠦ ᠵᠠᠮ ᠳᠡᠭᠡᠷ᠎ᠡ ᠴᠢᠨᠢ ᠬᠠᠮᠠᠭᠠᠯᠠᠨ᠎ᠠ᠃
12 〈ᠴᠢᠨᠦ ᠬᠥᠯ ᠴᠢᠯᠠᠭᠤᠨ ᠳᠤ ᠤᠨᠤᠭᠤᠵᠠᠢ〉 ᠭᠡᠵᠦ ᠲᠡᠳᠡ ᠴᠢᠮᠠᠶᠢ ᠭᠠᠷ ᠳᠡᠭᠡᠷ᠎ᠡ ᠪᠡᠨ ᠡᠷᠭᠦᠨ᠎ᠡ᠃
13 ᠴᠢ ᠠᠷᠰᠯᠠᠨ ᠪᠠ ᠨᠠᠵᠤ ᠮᠣᠭᠠᠢ ᠶᠢ ᠭᠢᠰᠬᠢᠯᠡᠨ᠎ᠡ ᠵᠠᠯᠠᠭᠤ ᠠᠷᠰᠯᠠᠨ ᠪᠠ ᠮᠣᠭᠠᠢ ᠶᠢ ᠳᠡᠪᠰᠡᠯᠡᠨᠡ᠃
14 《ᠲᠡᠷᠡ ᠨᠠᠮᠠᠶᠢ ᠬᠠᠢᠷᠠᠯᠠᠳᠠᠭ ᠲᠤᠯᠠ ᠪᠢ ᠲᠡᠭᠦᠨ ᠢ ᠠᠪᠤᠷᠠᠨ᠎ᠠ ᠲᠡᠷᠡ ᠨᠡᠷ᠎ᠡ ᠶᠢ ᠮᠢᠨᠢ ᠮᠡᠳᠡᠳᠡᠭ ᠲᠤᠯᠠ ᠪᠢ ᠲᠡᠭᠦᠨ ᠢ ᠡᠷᠭᠦᠮᠵᠢᠯᠡᠨ᠎ᠡ᠃
15 ᠨᠠᠮᠠᠶᠢ ᠳᠠᠭᠤᠳᠠᠬᠤ ᠳᠤ ᠪᠢ ᠬᠠᠷᠢᠭᠤᠯᠤᠨ᠎ᠠ ᠵᠣᠪᠠᠯᠠᠩᠲᠤ ᠦᠶ᠎ᠡ ᠳᠦᠨᠢ ᠪᠢ ᠲᠡᠭᠦᠨ ᠲᠡᠢ ᠬᠠᠮᠲᠤ ᠪᠠᠢᠵᠤ ᠲᠡᠭᠦᠨ ᠢ ᠴᠢᠯᠥᠭᠡᠯᠡᠵᠦ᠂ ᠠᠯᠳᠠᠷ ᠬᠦᠨᠳᠦ ᠶᠢ ᠣᠯᠭᠣᠨ᠎ᠠ᠃
16 ᠤᠷᠲᠤ ᠠᠮᠢᠳᠤᠷᠠᠯ ᠢᠶᠠᠷ ᠪᠢ ᠲᠡᠭᠦᠨ ᠢ ᠬᠠᠩ᠋ᠭᠠᠵᠤ ᠥᠪᠡᠷ ᠦᠨ ᠢᠶᠠᠨ ᠠᠪᠤᠷᠠᠯ ᠢ ᠲᠡᠭᠦᠨ ᠳᠦ ᠦᠵᠡᠭᠦᠯᠦᠨ᠎ᠡ᠃