1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠠᠯᠠ ᠶᠢᠰᠦ
 ᠪᠠᠯᠭᠠᠰᠤ ᠶᠢᠨ ᠳᠤᠮᠳᠠᠬᠢ ᠢᠲᠡᠭᠡᠯ
 ᠠᠰᠠᠹ ᠤᠨ ᠳᠠᠭᠤᠯᠠᠯ᠃

1 ᠪᠤᠷᠬᠠᠨ᠂ ᠬᠠᠷᠢᠴᠤᠳ ᠲᠠᠨ ᠤ ᠥᠮᠴᠢ ᠤᠷᠤᠭᠤ ᠢᠷᠡᠪᠡ ᠲᠠᠨ ᠤ ᠠᠷᠢᠭᠤᠨ ᠣᠷᠳᠣᠨ ᠢ ᠪᠤᠵᠠᠷᠯᠠᠵᠤ ᠶᠧᠷᠦ᠋ᠰᠠᠯᠧᠮ ᠢ ᠪᠠᠯᠭᠠᠰᠤ ᠪᠣᠯᠭᠠᠪᠠ᠂
2 ᠲᠠᠨ ᠤ ᠵᠠᠷᠤᠴᠠ ᠨᠠᠷ ᠤᠨ ᠴᠣᠭᠴᠠᠰ ᠢ ᠣᠭᠲᠠᠷᠭᠤᠢ ᠶᠢᠨ ᠰᠢᠪᠠᠭᠤᠳ ᠲᠤ ᠲᠠᠨ ᠳᠤ ᠦᠨᠡᠨᠴᠢ ᠬᠥᠮᠦᠰ ᠦᠨ ᠪᠡᠶ᠎ᠡ ᠶᠢ ᠭᠠᠵᠠᠷ ᠤᠨ ᠠᠷᠢᠶᠠᠲᠠᠳ ᠲᠤ ᠢᠳᠡᠭᠦᠯᠵᠦ᠂
3 ᠴᠢᠰᠤ ᠶᠢ ᠨᠢ ᠶᠧᠷᠦ᠋ᠰᠠᠯᠧᠮ ᠤᠨ ᠡᠷᠭᠢᠨ ᠲᠣᠭᠣᠷᠢᠨ ᠳᠤ ᠤᠰᠤ ᠮᠡᠲᠦ ᠤᠷᠤᠰᠬᠠᠭᠰᠠᠨ᠂ ᠲᠡᠳᠡᠨ ᠢ ᠣᠷᠣᠰᠢᠭᠤᠯᠬᠤ ᠬᠥᠮᠦᠨ ᠠᠯᠠᠭ᠎ᠠ ᠪᠠᠢᠪᠠ᠃
4 ᠪᠢᠳᠡ ᠬᠥᠷᠰᠢ ᠨᠦᠭᠦᠳ ᠲᠡᠭᠡᠨ ᠰᠢᠪᠰᠢᠭ ᠡᠷᠭᠢᠨ ᠲᠣᠭᠣᠷᠢᠨ ᠤ ᠬᠢᠨ ᠳᠠᠭᠠᠨ ᠳᠣᠭᠣᠭᠢ ᠲᠣᠬᠣᠭᠤ ᠪᠣᠯᠣᠯ᠎ᠠ᠃
5 ᠶᠣᠬᠣᠸᠠ᠂ ᠬᠡᠳᠦᠢ ᠪᠣᠯᠲᠠᠯ᠎ᠠ ᠪᠤᠢ︖ ᠮᠥᠩᠬᠡᠳᠡ ᠲᠠ ᠠᠭᠤᠷᠯᠠᠭᠰᠠᠭᠠᠷ ᠪᠠᠢᠵᠤ ᠲᠠᠨ ᠤ ᠬᠠᠷᠠᠳᠠᠯᠲᠠ ᠭᠠᠯ ᠰᠢᠭ᠋ ᠰᠢᠲᠠᠭᠰᠠᠭᠠᠷ ᠪᠠᠢᠬᠤ ᠤᠤ︖
6 ᠠᠭᠤᠷ ᠬᠢᠯᠢᠩ ᠢᠶᠠᠨ ᠥᠪᠡᠷ ᠢ ᠲᠠᠨᠢ ᠮᠡᠳᠡᠳᠡᠭ ᠦᠭᠡᠢ ᠬᠠᠷᠢᠴᠤᠳ ᠳᠡᠭᠡᠷ᠎ᠡ ᠥᠪᠡᠷ ᠦᠨ ᠲᠠᠨᠢ ᠨᠡᠷ᠎ᠡ ᠶᠢ ᠳᠠᠭᠤᠳᠠᠳᠠᠭ ᠦᠭᠡᠢ ᠬᠠᠭᠠᠨᠴᠢᠯᠠᠯ ᠤᠳ ᠳᠡᠭᠡᠷ᠎ᠡ ᠠᠰᠬᠠᠭᠠᠴᠢ᠂
7 ᠲᠡᠳᠡ ᠶᠠᠺᠣᠪ ᠢ ᠵᠠᠯᠭᠢᠭᠰᠠᠨ ᠣᠷᠣᠰᠢᠬᠤ ᠭᠠᠵᠠᠷ ᠢ ᠨᠢ ᠰᠦᠢᠷᠡᠭᠦᠯᠦᠭᠰᠡᠨ᠃

8 ᠡᠪᠦᠭᠡᠳ ᠦᠨ ᠮᠢᠨᠢ ᠨᠢᠭᠦᠯ ᠦᠨ ᠤᠯᠠᠮ ᠢᠶᠠᠷ ᠪᠢᠳᠡᠨ ᠢ ᠪᠦᠦ ᠵᠢᠮᠡᠯᠡᠭᠡᠴᠢ ᠥᠪᠡᠷ ᠦᠨ ᠢᠶᠠᠨ ᠥᠷᠥᠰᠢᠶᠡᠯ ᠢᠶᠡᠷ ᠪᠢᠳᠡᠨ ᠢ ᠬᠤᠷᠳᠤᠨ ᠤᠭᠲᠤᠨ ᠠᠪᠤᠭᠠᠴᠢ ᠪᠢᠳᠡ ᠶᠡᠬᠡᠳᠡ ᠳᠣᠷᠣᠢᠲᠠᠭᠰᠠᠨ ᠪᠠᠢᠨ᠎ᠠ᠂
9 ᠪᠢᠳᠡᠨ ᠢ ᠠᠪᠤᠷᠠᠭᠴᠢ ᠪᠤᠷᠬᠠᠨ ᠠᠯᠳᠠᠷ ᠨᠡᠷ᠎ᠡ ᠶᠢᠨ ᠢᠶᠠᠨ ᠤᠴᠢᠷ ᠢᠶᠠᠷ ᠪᠢᠳᠡᠨ ᠢ ᠲᠤᠰᠠᠯᠠᠭᠠᠴᠢ᠂ ᠨᠡᠷ᠎ᠡ ᠶᠢᠨ ᠢᠶᠠᠨ ᠲᠥᠯᠥᠭᠡ ᠪᠢᠳᠡᠨ ᠢ ᠴᠢᠯᠥᠭᠡᠯᠡᠵᠦ ᠪᠢᠳᠡᠨ ᠦ ᠭᠡᠮ ᠢ ᠠᠭᠤᠴᠢᠯᠠᠭᠠᠴᠢ᠃
10 ᠶᠠᠭᠠᠬᠢᠭᠠᠳ ᠦᠨᠳᠦᠰᠦᠲᠡᠨ ᠨᠦᠭᠦᠳ 《ᠲᠡᠳᠡᠨ ᠦ ᠪᠤᠷᠬᠠᠨ ᠬᠠᠮᠢᠭ᠎ᠠ ᠪᠠᠢᠨ᠎ᠠ ᠪᠤᠢ︖》 ᠭᠡᠵᠦ ᠬᠡᠯᠡᠬᠦ ᠶᠣᠰᠣᠲᠠᠢ ᠪᠤᠢ︖ ᠥᠪᠡᠷ ᠦᠨ ᠢᠶᠠᠨ ᠵᠠᠷᠤᠴᠠ ᠨᠠᠷ ᠤᠨ ᠤᠷᠤᠰᠤᠭᠰᠠᠨ ᠴᠢᠰᠤᠨ ᠤ ᠥᠰᠢᠶ᠎ᠡ ᠶᠢ ᠠᠪᠤᠨ᠎ᠠ ᠭᠡᠳᠡᠭ ᠢᠶᠡᠨ ᠦᠨᠳᠦᠰᠦᠲᠡᠨ ᠨᠦᠭᠦᠳ ᠦᠨ ᠳᠤᠮᠳᠠ᠂ ᠪᠢᠳᠡᠨ ᠦ ᠨᠢᠳᠦᠨ ᠦ ᠡᠮᠦᠨ᠎ᠡ ᠮᠡᠳᠡᠭᠦᠯᠦᠭᠡᠴᠢ᠃
11 ᠣᠯᠵᠠᠯᠠᠭᠳᠠᠭᠰᠠᠳ ᠤᠨ ᠶᠣᠣᠯᠠᠬᠤ ᠳᠠᠭᠤ ᠲᠠᠨ ᠤ ᠡᠮᠦᠨ᠎ᠡ ᠬᠦᠷᠦᠭᠡᠰᠡᠢ ᠦᠬᠦᠯᠦᠭᠦᠲᠡ ᠬᠡᠦᠬᠡᠳ ᠤᠳ ᠢᠶᠠᠨ ᠦᠯᠡᠮᠵᠢ ᠬᠦᠴᠦ ᠪᠡᠷ ᠢᠶᠠᠨ ᠬᠠᠮᠠᠭᠠᠯᠠᠭᠠᠴᠢ᠃
12 ᠡᠵᠡᠨ᠂ ᠥᠪᠡᠷ ᠢ ᠲᠠᠨᠢ ᠳᠣᠷᠣᠮᠵᠢᠯᠠᠭᠰᠠᠨ ᠪᠢᠳᠡᠨ ᠦ ᠬᠥᠷᠰᠢ ᠨᠦᠭᠦᠳ ᠦᠨ ᠳᠣᠷᠣᠮᠵᠢᠯᠠᠯ ᠢ ᠡᠪᠦᠷ ᠲᠤᠨᠢ ᠳᠣᠯᠣᠭ᠎ᠠ ᠳᠠᠬᠢᠨ ᠢᠯᠡᠭᠦᠦ ᠪᠡᠷ ᠪᠤᠴᠠᠭᠠᠨ ᠥᠭᠭᠥᠭᠡᠴᠢ᠃
13 ᠬᠠᠷᠢᠨ ᠲᠠᠨ ᠤ ᠠᠷᠠᠳ ᠲᠦᠮᠡᠨ᠂ ᠲᠠᠨ ᠤ ᠪᠡᠯᠴᠢᠭᠡᠷ ᠦᠨ ᠬᠣᠨᠢᠨ ᠰᠦᠷᠦᠭ ᠪᠢᠳᠡ ᠡᠭᠦᠷᠢᠳᠡ ᠲᠠᠨ ᠳᠤ ᠲᠠᠯᠠᠷᠬᠠᠨ᠎ᠠ ᠦᠶ᠎ᠡ ᠶᠢᠨ ᠦᠶ᠎ᠡ ᠳᠦ ᠲᠠᠨ ᠤ ᠢᠷᠠᠭᠤ ᠠᠯᠳᠠᠷ ᠢ ᠲᠤᠩ᠋ᠬᠠᠭᠯᠠᠨ᠎ᠠ᠃