ᠳᠠᠭᠤᠯᠠᠯ ᠵᠠᠭᠤ ᠳᠥᠴᠢᠨ ᠵᠢᠷᠭᠤᠭ᠎ᠠ
ᠬᠠᠯᠠᠮᠵᠢᠲᠤ ᠪᠤᠷᠬᠠᠨ ᠢ ᠮᠠᠭᠲᠠᠭᠲᠤᠨ
1 ᠶᠣᠬᠣᠸᠠ ᠶᠢ ᠮᠠᠭᠲᠠᠭᠲᠤᠨ︕ ᠰᠦᠨᠡᠰᠦ ᠮᠢᠨᠢ ᠡ᠂ ᠶᠣᠬᠣᠸᠠ ᠶᠢ ᠮᠠᠭᠲᠠᠭᠲᠤᠨ︕
2 ᠪᠢ ᠠᠮᠢᠳᠤ ᠳᠠᠭᠠᠨ ᠶᠣᠬᠣᠸᠠ ᠶᠢ ᠮᠠᠭᠲᠠᠨ᠎ᠠ ᠪᠠᠢᠬᠤ ᠵᠠᠭᠤᠷ᠎ᠠ ᠪᠠᠨ ᠪᠤᠷᠬᠠᠨ ᠳᠠᠭᠠᠨ ᠳᠠᠭᠤᠤ ᠡᠷᠭᠦᠨ᠎ᠡ᠂
3 ᠨᠣᠶᠠᠳ ᠲᠤ ᠪᠤᠶᠤ ᠠᠪᠤᠷᠠᠬᠤ ᠴᠢᠳᠠᠯ ᠦᠭᠡᠢ ᠬᠥᠮᠦᠨ ᠦ ᠬᠥᠪᠡᠭᠦᠨ ᠳᠦ ᠪᠦᠦ ᠢᠲᠡᠭᠡ᠂
4 ᠰᠦᠨᠡᠰᠦ ᠨᠢ ᠭᠠᠷᠴᠤ ᠶᠠᠪᠤᠪᠠᠯ ᠲᠡᠷᠡ ᠰᠢᠷᠣᠢ ᠤᠷᠤᠭᠤ ᠪᠤᠴᠠᠨ᠎ᠠ ᠰᠠᠨᠠᠭ᠎ᠠ ᠪᠣᠳᠣᠯ ᠨᠢ ᠶᠠᠭ ᠲᠡᠷᠡ ᠡᠳᠦᠷ ᠮᠥᠬᠥᠨ᠎ᠡ᠂
5 ᠶᠠᠺᠣᠪ ᠤᠨ ᠪᠤᠷᠬᠠᠨ ᠢᠶᠠᠷ ᠲᠤᠰᠠᠯᠠᠭᠤᠯᠤᠭᠴᠢ᠂ ᠶᠣᠬᠣᠸᠠ ᠪᠤᠷᠬᠠᠨ ᠳᠠᠭᠠᠨ ᠨᠠᠢᠳᠠᠭᠴᠢ ᠨᠢ ᠪᠤᠶᠠᠨ ᠲᠠᠢ᠂
6 ᠶᠣᠬᠣᠸᠠ ᠲᠩᠷᠢ ᠪᠠ ᠭᠠᠵᠠᠷ ᠳᠠᠯᠠᠢ ᠬᠢᠭᠡᠳ ᠲᠡᠭᠦᠨ ᠦ ᠳᠣᠲᠣᠷᠠᠬᠢ ᠪᠦᠬᠦᠨ ᠢ ᠪᠦᠲᠦᠭᠡᠭᠰᠡᠨ᠂ ᠲᠡᠷᠡ ᠪᠡᠷ ᠮᠥᠩᠬᠡᠳᠡ ᠢᠲᠡᠭᠡᠮᠵᠢᠲᠠᠢ ᠪᠠᠢᠳᠠᠭ᠂
7 ᠳᠠᠷᠤᠯᠠᠭᠳᠠᠭᠰᠠᠳ ᠤᠨ ᠲᠥᠯᠥᠭᠡ ᠰᠢᠳᠤᠷᠭᠤ ᠶᠢ ᠪᠡᠶᠡᠯᠡᠭᠦᠯᠵᠦ ᠥᠯᠥᠰᠥᠭᠴᠢᠳ ᠲᠤ ᠬᠦᠨᠡᠰᠦ ᠬᠣᠭᠣᠯᠠ ᠥᠭᠳᠡᠭ ᠶᠣᠬᠣᠸᠠ ᠬᠣᠷᠢᠭᠳᠠᠯ ᠤᠳ ᠢ ᠴᠢᠯᠥᠭᠡᠯᠡᠳᠡᠭ᠂
8 ᠶᠣᠬᠣᠸᠠ ᠰᠣᠬᠣᠷ ᠤᠳ ᠲᠤ ᠬᠠᠷᠠᠭ᠎ᠠ ᠣᠷᠣᠭᠤᠯᠳᠠᠭ ᠶᠣᠬᠣᠸᠠ ᠰᠥᠬᠥᠷᠡᠭᠴᠢᠳ ᠢ ᠪᠣᠰᠬᠠᠳᠠᠭ ᠶᠣᠬᠣᠸᠠ ᠵᠥᠪᠲᠡᠳ ᠢ ᠬᠠᠢᠷᠠᠯᠠᠳᠠᠭ
9 ᠶᠣᠬᠣᠸᠠ ᠴᠠᠭᠠᠴᠢᠳ ᠢ ᠬᠠᠮᠠᠭᠠᠯᠠᠳᠠᠭ ᠲᠡᠷᠡ ᠪᠡᠷ ᠡᠴᠢᠭᠡ ᠦᠭᠡᠢ ᠬᠢᠭᠡᠳ ᠪᠡᠯᠪᠡᠰᠦᠨ ᠢ ᠲᠡᠳᠬᠦᠵᠦ ᠪᠤᠷᠤᠭᠤᠲᠠᠳ ᠤᠨ ᠵᠠᠮ ᠢ ᠮᠤᠷᠤᠢᠯᠭᠠᠨᠠ᠂
10 ᠽᠢᠶᠣᠨ ᠡ᠂ ᠴᠢᠨᠦ ᠪᠤᠷᠬᠠᠨ ᠶᠣᠬᠣᠸᠠ ᠦᠶ᠎ᠡ ᠶᠢᠨ ᠦᠶ᠎ᠡ ᠳᠦ᠂ ᠮᠥᠩᠬᠡᠳᠡ ᠵᠠᠬᠢᠷᠤᠨ᠎ᠠ ᠶᠣᠬᠣᠸᠠ ᠶᠢ ᠮᠠᠭᠲᠠᠭᠲᠤᠨ︕