ᠳᠠᠭᠤᠯᠠᠯ ᠬᠣᠷᠢᠨ ᠳᠣᠯᠣᠭ᠎ᠠ
ᠪᠤᠷᠬᠠᠨ ᠲᠠᠢ ᠬᠠᠮᠲᠤ ᠠᠮᠢᠳᠤᠷᠠᠬᠤ
ᠳ᠋ᠠᠸᠢᠳ᠋ ᠤᠨ ᠳᠠᠭᠤᠯᠠᠯ᠃
1 ᠶᠣᠬᠣᠸᠠ ᠪᠣᠯ ᠮᠢᠨᠦ ᠭᠡᠷᠡᠯ᠂ ᠮᠢᠨᠦ ᠠᠪᠤᠷᠠᠯ᠂ ᠪᠢ ᠬᠡᠨ ᠡᠴᠡ ᠠᠶᠤᠬᠤ ᠶᠤᠮ ᠪᠤᠢ︖ ᠶᠣᠬᠣᠸᠠ ᠪᠣᠯ ᠮᠢᠨᠦ ᠠᠮᠢ ᠶᠢᠨ ᠪᠡᠬᠢᠯᠡᠯᠲᠡ ᠪᠢ ᠬᠡᠨ ᠡᠴᠡ ᠰᠦᠷᠳᠡᠬᠦ ᠶᠤᠮ ᠪᠤᠢ︖
2 ᠮᠠᠭᠤ ᠶᠢ ᠦᠢᠯᠡᠳᠦᠭᠴᠢᠳ ᠮᠢᠬᠠᠨ ᠪᠡᠶ᠎ᠡ ᠶᠢ ᠮᠢᠨᠢ ᠵᠠᠯᠭᠢᠬᠤ ᠪᠠᠷ ᠣᠢᠷᠠᠲᠤᠵᠠᠢ ᠭᠡᠪᠡᠴᠦ ᠮᠢᠨᠦ ᠥᠰᠲᠡᠨ ᠳᠠᠢᠰᠤᠨ ᠲᠡᠳᠡ ᠪᠦᠳᠦᠷᠢᠵᠦ ᠤᠨᠠᠪᠠ᠂
3 ᠴᠡᠷᠢᠭ ᠨᠠᠮᠠᠶᠢ ᠪᠦᠰᠡᠯᠡᠪᠡᠴᠦ ᠵᠢᠷᠦᠬᠡ ᠮᠢᠨᠢ ᠲᠦᠭᠰᠢᠬᠦ ᠦᠭᠡᠢ ᠮᠢᠨᠦ ᠡᠰᠡᠷᠭᠦ ᠳᠠᠢᠨ ᠳᠡᠭᠳᠡᠪᠡᠴᠦ ᠪᠢ ᠢᠲᠡᠭᠡᠯ ᠲᠡᠢ ᠪᠠᠢᠬᠤ ᠪᠣᠯᠣᠨ᠎ᠠ᠃
4 ᠶᠣᠬᠣᠸᠠ ᠠᠴᠠ ᠭᠤᠶᠤᠳᠠᠭ ᠵᠦᠢᠯ ᠮᠢᠨᠢ ᠭᠠᠭᠴᠠᠬᠠᠨ ᠬᠦᠰᠡᠳᠡᠭ ᠵᠦᠢᠯ ᠮᠢᠨᠢ ᠭᠡᠪᠡᠯ᠂ ᠠᠮᠢᠳᠤᠷᠠᠯ ᠤᠨ ᠢᠶᠠᠨ ᠪᠦᠬᠦᠢᠯᠡ ᠡᠳᠦᠷ ᠤᠳ ᠲᠤ ᠶᠣᠬᠣᠸᠠ ᠶᠢᠨ ᠥᠷᠭᠥᠭᠡᠨ ᠳᠦ ᠰᠠᠭᠤᠬᠤ ᠡᠢᠨ ᠬᠦ ᠶᠣᠬᠣᠸᠠ ᠶᠢᠨ ᠦᠵᠡᠰᠬᠦᠯᠡᠩ ᠢ ᠬᠠᠷᠠᠵᠤ ᠣᠷᠳᠣᠨ ᠳᠣᠲᠣᠷ᠎ᠠ ᠨᠢ ᠲᠡᠭᠦᠨ ᠡᠴᠡ ᠠᠰᠠᠭᠤᠵᠤ ᠯᠠᠪᠯᠠᠬᠤ ᠪᠢᠯᠡ᠃
5 ᠤᠴᠢᠷ ᠨᠢ ᠵᠣᠪᠠᠯᠠᠩ ᠤᠨ ᠡᠳᠦᠷ ᠲᠡᠷᠡ ᠨᠠᠮᠠᠶᠢ ᠨᠢᠭᠤᠪᠴᠢᠨ ᠳᠠᠭᠠᠨ ᠳᠠᠯᠳᠠᠯᠠᠬᠤ ᠪᠣᠯᠣᠨ᠎ᠠ᠂ ᠮᠠᠢᠬᠠᠨ ᠤ ᠪᠠᠨ ᠬᠥᠰᠢᠭᠡᠨ ᠳᠦ ᠨᠠᠮᠠᠶᠢ ᠨᠢᠭᠤᠵᠤ ᠥᠨᠳᠥᠷ ᠬᠠᠳᠠᠨ ᠳᠡᠭᠡᠷ᠎ᠡ ᠨᠠᠮᠠᠶᠢ ᠭᠠᠷᠭᠠᠨ᠎ᠠ᠃
6 ᠲᠡᠭᠡᠬᠦ ᠳᠦ ᠲᠡᠷᠢᠭᠦᠨ ᠮᠢᠨᠢ ᠬᠦᠷᠢᠶᠡᠯᠡᠭᠰᠡᠨ ᠳᠠᠢᠰᠤᠨ ᠨᠤᠭᠤᠳ ᠤᠨ ᠮᠢᠨᠢ ᠳᠡᠭᠡᠷ᠎ᠡ ᠡᠷᠭᠦᠮᠵᠢᠯᠡᠭᠳᠡᠵᠦ ᠪᠢ ᠲᠡᠭᠦᠨ ᠦ ᠮᠠᠢᠬᠠᠨ ᠳᠤ ᠪᠠᠶᠠᠷ ᠲᠠᠢ ᠪᠠᠷ ᠲᠠᠬᠢᠯ ᠢ ᠡᠷᠭᠦᠨ᠎ᠡ ᠪᠢ ᠳᠠᠭᠤᠯᠠᠨ᠂ ᠶᠣᠬᠣᠸᠠ ᠳᠤ ᠠᠶ᠎ᠠ ᠪᠠᠷᠢᠨ᠎ᠠ᠃
7 ᠶᠣᠬᠣᠸᠠ᠂ ᠪᠢ ᠬᠠᠰᠬᠢᠷᠴᠤ ᠪᠠᠢᠨ᠎ᠠ᠂ ᠰᠣᠨᠣᠰᠣᠭᠠᠴᠢ᠂ ᠨᠠᠮᠠᠶᠢ ᠡᠨᠡᠷᠢᠨ᠂ ᠨᠠᠳᠠ ᠳᠤ ᠬᠠᠷᠢᠭᠤᠯᠤᠭᠠᠴᠢ᠃
8 ᠲᠠ 《ᠲᠠ ᠨᠠᠷ ᠮᠢᠨᠦ ᠨᠢᠭᠤᠷ ᠢ ᠬᠠᠢ》 ᠭᠡᠰᠡᠨ ᠪᠠ ᠮᠢᠨᠦ ᠵᠢᠷᠦᠬᠡ ᠲᠠᠨ ᠳᠤ 《ᠪᠢ ᠶᠣᠬᠣᠸᠠ ᠲᠠᠨ ᠤ ᠨᠢᠭᠤᠷ ᠢ ᠬᠠᠢᠶ᠎ᠠ》 ᠭᠡᠰᠡᠨ᠃
9 ᠲᠤᠰᠠᠯᠠᠮᠵᠢ ᠮᠢᠨᠢ ᠪᠠᠢᠭᠰᠠᠭᠠᠷ ᠢᠷᠡᠭᠰᠡᠨ ᠲᠠ ᠨᠢᠭᠤᠷ ᠢᠶᠠᠨ ᠨᠠᠳᠠ ᠠᠴᠠ ᠪᠦᠦ ᠨᠢᠭᠤᠭᠠᠴᠢ ᠠᠭᠤᠷ ᠲᠠᠭᠠᠨ ᠵᠠᠷᠤᠴᠠ ᠪᠠᠨ ᠪᠦᠦ ᠣᠭᠣᠷᠣᠭᠠᠴᠢ ᠠᠪᠤᠷᠠᠯ ᠤᠨ ᠮᠢᠨᠢ ᠪᠤᠷᠬᠠᠨ ᠲᠠ ᠨᠠᠮᠠᠶᠢ ᠪᠦᠦ ᠬᠠᠶᠠᠵᠤ᠂ ᠪᠦᠦ ᠣᠷᠬᠢᠭᠠᠴᠢ᠃
10 ᠡᠴᠢᠭᠡ ᠡᠬᠡ ᠮᠢᠨᠢ ᠨᠠᠮᠠᠶᠢ ᠣᠷᠬᠢᠭᠰᠠᠨ ᠴᠤ ᠶᠣᠬᠣᠸᠠ ᠨᠠᠮᠠᠶᠢ ᠤᠭᠲᠤᠨ ᠠᠪᠤᠨ᠎ᠠ᠃
11 ᠵᠠᠮ ᠢᠶᠠᠨ ᠨᠠᠳᠠ ᠳᠤ ᠵᠢᠭᠠᠭᠠᠴᠢ᠂ ᠶᠣᠬᠣᠸᠠ ᠳᠠᠢᠰᠤᠨ ᠨᠤᠭᠤᠳ ᠤᠨ ᠮᠢᠨᠢ ᠤᠴᠢᠷ ᠢᠶᠠᠷ ᠨᠠᠮᠠᠶᠢ ᠲᠡᠭᠰᠢ ᠵᠠᠮ ᠢᠶᠠᠷ ᠤᠳᠤᠷᠢᠳᠤᠭᠠᠴᠢ᠃
12 ᠬᠠᠷᠭᠢᠰ ᠢᠶᠠᠷ ᠠᠮᠢᠰᠬᠤᠯᠯᠠᠭᠴᠢ ᠬᠤᠳᠠᠯ ᠭᠡᠷᠡᠴᠢᠯᠡᠭᠴᠢᠳ ᠮᠢᠨᠦ ᠡᠰᠡᠷᠭᠦ ᠪᠣᠰᠣᠯ᠎ᠠ᠂ ᠳᠠᠢᠰᠤᠨ ᠨᠤᠭᠤᠳ ᠤᠨ ᠮᠢᠨᠢ ᠬᠦᠰᠡᠯ ᠳᠦ ᠨᠠᠮᠠᠶᠢ ᠪᠦᠦ ᠲᠤᠰᠢᠶᠠᠭᠠᠴᠢ᠃
13 ᠪᠢ ᠠᠮᠢᠳᠤ ᠶᠢᠨ ᠭᠠᠵᠠᠷ ᠲᠤ ᠶᠣᠬᠣᠸᠠ ᠶᠢᠨ ᠰᠠᠢᠨ ᠰᠠᠢᠬᠠᠨ ᠢ ᠬᠠᠷᠠᠨ᠎ᠠ ᠭᠡᠵᠦ ᠦᠨᠡᠬᠡᠷ ᠢᠲᠡᠭᠡᠭᠰᠡᠨ 10 ᠂
14 ᠶᠣᠬᠣᠸᠠ ᠳᠤ ᠨᠠᠢᠳᠠᠭᠲᠤᠨ ᠬᠦᠴᠦᠲᠡᠢ ᠪᠠᠢ᠂ ᠵᠢᠷᠦᠬᠡ ᠴᠢᠨᠢ ᠵᠣᠷᠢᠭᠲᠠᠢ ᠪᠠᠢᠭ ᠶᠣᠬᠣᠸᠠ ᠳᠤ ᠨᠠᠢᠳᠠᠭᠲᠤᠨ᠃