ᠳᠠᠭᠤᠯᠠᠯ ᠵᠢᠷᠠᠨ ᠲᠠᠪᠤ
ᠬᠠᠯᠠᠮᠵᠢ ᠳᠤ ᠲᠠᠯᠠᠷᠬᠠᠬᠤ
ᠳ᠋ᠠᠸᠢᠳ᠋ ᠤᠨ ᠳᠠᠭᠤᠯᠠᠯ᠂ ᠳᠠᠭᠤᠤ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠪᠤᠷᠬᠠᠨ᠂ ᠽᠢᠶᠣᠨ ᠳᠤ ᠲᠠᠨ ᠢ ᠮᠠᠭᠲᠠᠭᠠᠯ ᠬᠦᠯᠢᠶᠡᠵᠦ ᠪᠠᠢᠨ᠎ᠠ ᠪᠢᠳᠡ ᠲᠠᠨ ᠳᠤ ᠲᠠᠩ᠋ᠭᠠᠷᠢᠭ ᠢᠶᠠᠨ ᠪᠡᠶᠡᠯᠡᠭᠦᠯᠦᠨ᠎ᠡ᠃
2 ᠳᠠᠭᠠᠳᠬᠠᠯ ᠢ ᠰᠣᠨᠣᠰᠣᠭᠴᠢ ᠨᠢᠭᠡᠨ ᠲᠠᠨ ᠤᠷᠤᠭᠤ ᠮᠢᠬᠠᠨ ᠪᠡᠶᠡᠲᠦ ᠪᠦᠬᠦᠨ ᠢᠷᠡᠨ᠎ᠡ᠃
3 ᠪᠢᠳᠡ ᠬᠣᠷᠣᠨ ᠮᠠᠭᠤ ᠳᠤ ᠳᠠᠷᠤᠭᠳᠠᠬᠤ ᠳᠤ ᠲᠠ ᠪᠢᠳᠡᠨ ᠢ ᠬᠢᠯᠢᠨᠴᠡ ᠡᠴᠡ ᠵᠣᠯᠢᠭᠰᠠᠨ᠃
4 ᠬᠠᠰᠢᠶᠠᠨ ᠳᠠᠭᠠᠨ ᠰᠠᠭᠤᠯᠭᠠᠬᠤ ᠪᠠᠷ ᠲᠠᠨ ᠤ ᠰᠣᠩ᠋ᠭᠣᠵᠤ᠂ ᠣᠢᠷᠠᠬᠠᠨ ᠢᠶᠠᠨ ᠠᠪᠴᠢᠷᠠᠭᠰᠠᠨ ᠬᠥᠮᠦᠨ ᠪᠤᠶᠠᠨ ᠲᠠᠢ︕ ᠪᠢᠳᠡ ᠲᠠᠨ ᠤ ᠥᠷᠭᠥᠭᠡᠨ ᠦ ᠰᠠᠢᠨ ᠢᠶᠠᠷ᠂ ᠲᠠᠨ ᠤ ᠣᠷᠳᠣᠨ ᠤ ᠠᠷᠢᠭᠤᠨ ᠢᠶᠠᠷ ᠬᠠᠩ᠋ᠭᠠᠯᠤᠭᠤᠨ ᠪᠠᠢᠬᠤ ᠶᠤᠮ ᠰᠠᠨ᠃
5 ᠲᠠ ᠵᠥᠪ ᠢᠶᠡᠷ᠂ ᠰᠦᠷ ᠬᠦᠴᠦᠲᠦ ᠦᠢᠯᠡᠰ ᠢᠶᠡᠷ ᠪᠢᠳᠡᠨ ᠳᠦ ᠬᠠᠷᠢᠭᠤᠯᠤᠨ᠎ᠠ᠂ ᠪᠢᠳᠡᠨ ᠦ ᠠᠪᠤᠷᠠᠯ ᠤᠨ ᠪᠤᠷᠬᠠᠨ ᠲᠠ ᠪᠣᠯ ᠭᠠᠵᠠᠷ ᠤᠨ ᠪᠦᠬᠦ ᠬᠢᠵᠠᠭᠠᠷ ᠬᠢᠭᠡᠳ ᠠᠯᠤᠰ ᠳᠠᠯᠠᠢ ᠶᠢᠨ ᠨᠠᠢᠳᠠᠯᠭ᠎ᠠ
6 ᠬᠦᠴᠦ ᠪᠡᠷ ᠢᠶᠠᠨ ᠠᠭᠤᠯᠠᠰ ᠢ ᠴᠣᠭᠴᠠᠯᠠᠭᠴᠢ ᠴᠢᠳᠠᠯ ᠢ ᠪᠦᠰᠡᠯᠡᠭᠴᠢ᠂
7 ᠳᠠᠯᠠᠢ ᠶᠢᠨ ᠬᠦᠷᠬᠢᠷᠡᠭᠡ ᠳᠠᠪᠠᠯᠭᠠᠨ ᠨᠤᠭᠤᠳ ᠤᠨ ᠬᠢᠨᠢ ᠬᠦᠷᠬᠢᠷᠡᠭᠡ ᠪᠣᠯᠣᠨ ᠶᠠᠰᠤᠲᠠᠨ ᠨᠤᠭᠤᠳ ᠤᠨ ᠦᠢᠮᠡᠭᠡᠨ ᠢ ᠨᠠᠮᠳᠠᠭᠠᠭᠴᠢ ᠪᠢᠯᠡ᠃
8 ᠭᠠᠵᠠᠷ ᠤᠨ ᠬᠢᠵᠠᠭᠠᠷ ᠲᠤ ᠰᠠᠭᠤᠭᠴᠢᠳ ᠲᠠᠨ ᠤ ᠲᠡᠮᠳᠡᠭ ᠤᠳ ᠠᠴᠠ ᠡᠮᠢᠶᠡᠳᠡᠭ᠂ ᠲᠠ ᠨᠠᠷᠠ ᠮᠠᠨᠳᠤᠬᠤ ᠠᠴᠠ ᠵᠢᠷᠭᠠᠬᠤ ᠬᠦᠷᠲᠡᠯᠡᠬᠢ ᠪᠦᠬᠦ ᠨᠤᠲᠤᠭ ᠤᠨ ᠬᠢᠨ ᠢ ᠪᠠᠶᠠᠷ ᠲᠠᠢ ᠪᠠᠷ ᠤᠤᠬᠠᠢᠯᠠᠭᠤᠯᠤᠨᠠ᠃
9 ᠲᠠ ᠬᠥᠷᠥᠰᠥ ᠶᠢ ᠬᠠᠯᠠᠮᠵᠢᠯᠠᠵᠤ᠂ ᠲᠡᠭᠦᠨ ᠢ ᠤᠰᠤᠯᠠᠵᠤ ᠦᠷ᠎ᠡ ᠰᠢᠮ᠎ᠡ ᠲᠠᠢ ᠪᠣᠯᠭᠠᠳᠠᠭ ᠪᠤᠷᠬᠠᠨ ᠤ ᠤᠷᠤᠰᠬᠠᠯ ᠤᠰᠤ ᠪᠠᠷ ᠳᠦᠭᠦᠷᠡᠩ ᠪᠠᠢᠨ᠎ᠠ᠂ ᠲᠡᠢᠨ ᠬᠦ ᠲᠠ ᠬᠥᠷᠥᠰᠥ ᠶᠢ ᠪᠡᠯᠡᠳᠬᠡᠵᠦ᠂ ᠬᠦᠨᠡᠰᠦ ᠶᠢ ᠨᠢ ᠪᠡᠯᠡᠳᠬᠡᠨ᠎ᠡ᠃
10 ᠲᠠ ᠱᠠᠩ ᠤᠳ ᠢ ᠤᠮᠳᠠᠯᠠᠵᠤ ᠳᠠᠯᠠᠩ ᠤᠳ ᠢ ᠨᠢ ᠲᠡᠭᠰᠢᠯᠡᠵᠦ ᠨᠠᠮᠢᠷᠠᠭ᠎ᠠ ᠪᠣᠷᠣᠭᠠᠨ ᠢᠶᠠᠷ ᠲᠡᠭᠦᠨ ᠢ ᠳᠡᠪᠲᠦᠭᠡᠨ ᠨᠠᠬᠢᠶ᠎ᠠ ᠶᠢ ᠨᠢ ᠢᠷᠥᠭᠡᠵᠦ ᠪᠠᠢᠨ᠎ᠠ᠃
11 ᠡᠢᠨ ᠬᠦ ᠲᠠ ᠢᠪᠡᠭᠡᠯ ᠦᠨ ᠵᠢᠯ ᠳᠡᠭᠡᠨ ᠲᠢᠲᠢᠮ ᠡᠮᠦᠰᠬᠡᠵᠦ ᠲᠠᠨ ᠤ ᠮᠥᠷ ᠢᠶᠡᠷ ᠲᠣᠰᠣ ᠲᠣᠰᠣᠯᠠᠵᠤ ᠪᠠᠢᠨ᠎ᠠ᠂
12 ᠲᠠᠯ᠎ᠠ ᠶᠢᠨ ᠪᠡᠯᠴᠢᠭᠡᠷ ᠲᠦ ᠴᠤ ᠲᠣᠰᠣᠯᠠᠵᠤ ᠲᠣᠯᠣᠭᠠᠳ ᠪᠦᠭᠦᠳᠡ ᠪᠠᠶᠠᠷ ᠢ ᠪᠦᠰᠡᠯᠡᠵᠦ
13 ᠪᠡᠯᠴᠢᠭᠡᠷ ᠤᠳ ᠬᠣᠨᠢᠨ ᠰᠦᠷᠦᠭ ᠨᠥᠮᠥᠷᠴᠦ ᠬᠥᠨᠳᠡᠢ ᠨᠦᠭᠦᠳ ᠦᠷ᠎ᠡ ᠲᠠᠷᠢᠶ᠎ᠠ ᠪᠠᠷ ᠪᠦᠲᠡᠭᠡᠭᠳᠡᠵᠡᠢ᠂ ᠲᠡᠳᠡ ᠪᠠᠶᠠᠷ ᠲᠠᠢ ᠪᠠᠷ ᠬᠠᠰᠬᠢᠷᠤᠨ ᠳᠠᠭᠤᠯᠠᠵᠤ ᠪᠠᠢᠨ᠎ᠠ᠃