ᠳᠠᠭᠤᠯᠠᠯ ᠵᠠᠭᠤ ᠬᠣᠷᠢᠨ ᠭᠤᠷᠪᠠ
ᠡᠨᠡᠷᠢᠯ ᠢ ᠭᠤᠶᠤᠪᠠ
ᠥᠭᠰᠥᠬᠦ ᠳᠠᠭᠤᠤ᠃
1 ᠲᠩᠷᠢ ᠳᠤ ᠵᠠᠯᠠᠷᠠᠭᠴᠢ ᠡ ᠲᠠᠨ ᠥᠭᠡᠳᠡ ᠪᠢ ᠨᠢᠳᠦ ᠪᠡᠨ ᠡᠷᠭᠦᠶ᠎ᠡ᠃
2 ᠬᠠᠷ᠎ᠠ᠂ ᠵᠠᠷᠤᠴᠠ ᠶᠢᠨ ᠨᠢᠳᠦ ᠡᠵᠡᠨᠲᠡᠨ ᠦ ᠪᠠᠨ ᠭᠠᠷ ᠢ᠂ ᠰᠢᠪᠡᠭᠴᠢᠨ ᠤ ᠨᠢᠳᠦ ᠡᠵᠡᠭᠲᠡᠢ ᠶᠢᠨ ᠢᠶᠠᠨ ᠭᠠᠷ ᠢ ᠬᠠᠷᠠᠳᠠᠭ ᠰᠢᠭ᠋ ᠪᠢᠳᠡᠨ ᠢ ᠨᠢᠭᠦᠯᠡᠰᠦᠬᠦ ᠬᠦᠷᠲᠡᠯ᠎ᠡ ᠨᠢ ᠪᠢᠳᠡᠨ ᠦ ᠨᠢᠳᠦ ᠶᠣᠬᠣᠸᠠ ᠪᠤᠷᠬᠠᠨ ᠥᠭᠡᠳᠡ ᠪᠡᠨ ᠬᠠᠷᠠᠬᠤ ᠪᠣᠯᠣᠨ᠎ᠠ᠂
3 ᠶᠣᠬᠣᠸᠠ ᠡ᠂ ᠪᠢᠳᠡᠨ ᠢ ᠨᠢᠭᠦᠯᠡᠰᠦᠭᠡᠴᠢ ᠪᠢᠳᠡᠨ ᠢ ᠨᠢᠭᠦᠯᠡᠰᠦᠭᠡᠴᠢ᠂ ᠪᠢᠳᠡ ᠳᠣᠷᠣᠮᠵᠢᠯᠠᠯ ᠢ ᠬᠡᠲᠦᠷᠡᠲᠡᠯ᠎ᠡ ᠠᠮᠰᠠᠭᠰᠠᠨ᠂
4 ᠠᠮᠤᠷᠯᠢᠩ᠋ᠭᠤᠢ ᠬᠥᠮᠦᠰ ᠦᠨ ᠳᠣᠭᠣᠭᠢ ᠲᠣᠬᠣᠭᠤ᠂ ᠣᠮᠣᠷᠬᠠᠭ ᠬᠥᠮᠦᠰ ᠦᠨ ᠳᠣᠷᠣᠮᠵᠢᠯᠠᠯ ᠢ ᠬᠠᠨᠤᠲᠠᠯ᠎ᠠ ᠠᠮᠰᠠᠭᠰᠠᠨ᠃