ᠳᠠᠭᠤᠯᠠᠯ ᠵᠠᠭᠤ ᠭᠤᠴᠢᠨ ᠨᠠᠢ᠌ᠮᠠ
ᠢᠲᠡᠭᠡᠮᠵᠢᠲᠦ ᠪᠤᠷᠬᠠᠨ ᠳᠤ ᠲᠠᠯᠠᠷᠬᠠᠶ᠎ᠠ
ᠳ᠋ᠠᠸᠢᠳ᠋ ᠤᠨ ᠳᠠᠭᠤᠯᠠᠯ᠃
1 ᠪᠢ ᠪᠦᠬᠦᠢᠯᠡ ᠵᠢᠷᠦᠬᠡ ᠪᠡᠷ ᠢᠶᠠᠨ ᠶᠣᠬᠣᠸᠠ ᠲᠠᠨ ᠳᠤ ᠲᠠᠯᠠᠷᠬᠠᠨ᠎ᠠ ᠪᠤᠷᠬᠠᠳ ᠤᠨ ᠡᠮᠦᠨ᠎ᠡ ᠲᠠᠨ ᠢ ᠮᠠᠭᠲᠠᠨ᠎ᠠ᠂
2 ᠲᠠᠨ ᠤ ᠠᠷᠢᠭᠤᠨ ᠥᠷᠭᠥᠭᠡ ᠥᠭᠡᠳᠡ ᠬᠠᠨᠳᠤᠨ ᠮᠥᠷᠭᠥᠵᠦ ᠲᠠᠨ ᠤ ᠬᠠᠢᠷ᠎ᠠ ᠪᠠ ᠦᠨᠡᠨ ᠦ ᠤᠯᠠᠮ ᠢᠶᠠᠷ ᠲᠠᠨ ᠤ ᠨᠡᠷ᠎ᠡ ᠳᠦ ᠲᠠᠯᠠᠷᠬᠠᠨ᠎ᠠ ᠲᠠ ᠥᠪᠡᠷ ᠦᠨ ᠢᠶᠠᠨ ᠨᠡᠷ᠎ᠡ᠂ ᠥᠪᠡᠷ ᠦᠨ ᠢᠶᠠᠨ ᠦᠭᠡ ᠶᠢ ᠪᠦᠬᠦᠨ ᠦ ᠳᠡᠭᠡᠭᠦᠷ ᠡᠷᠭᠦᠮᠵᠢᠯᠡᠵᠡᠢ᠂
3 ᠳᠠᠭᠤᠳᠠᠬᠤ ᠡᠳᠦᠷ ᠲᠦ ᠮᠢᠨᠢ ᠲᠠ ᠬᠠᠷᠢᠭᠤᠯᠵᠤ ᠨᠠᠳᠠ ᠳᠤ ᠵᠣᠷᠢᠭ ᠬᠢᠭᠡᠳ ᠬᠦᠴᠦ ᠰᠣᠶᠣᠷᠬᠠᠭᠰᠠᠨ᠂
4 ᠶᠣᠬᠣᠸᠠ᠂ ᠲᠠᠨ ᠤ ᠠᠮᠠᠨ ᠠᠴᠠ ᠭᠠᠷᠬᠤ ᠦᠭᠡ ᠶᠢ ᠰᠣᠨᠣᠰᠣᠭᠰᠠᠨ ᠳᠡᠯᠡᠬᠡᠢ ᠶᠢᠨ ᠪᠦᠬᠦ ᠬᠠᠭᠠᠨ ᠲᠠᠨ ᠳᠤ ᠲᠠᠯᠠᠷᠬᠠᠵᠤ
5 ᠶᠣᠬᠣᠸᠠ ᠶᠢᠨ ᠵᠠᠮ ᠤᠨ ᠲᠤᠬᠠᠢ ᠳᠠᠭᠤᠯᠠᠬᠤ ᠪᠣᠯᠲᠤᠭᠠᠢ᠂ ᠤᠴᠢᠷ ᠨᠢ ᠶᠣᠬᠣᠸᠠ ᠶᠢᠨ ᠠᠯᠳᠠᠷ ᠠᠭᠤᠤ ᠪᠢᠯᠡ᠂
6 ᠶᠣᠬᠣᠸᠠ ᠬᠡᠳᠦᠢᠪᠡᠷ ᠥᠨᠳᠥᠷ ᠲᠦ ᠪᠠᠢᠪᠠᠴᠤ ᠳᠣᠣᠷᠠᠳᠤ ᠬᠥᠮᠦᠨ ᠢ ᠬᠠᠷᠠᠵᠤ ᠪᠠᠢᠳᠠᠭ ᠳᠡᠭᠡᠷᠡᠩᠭᠦᠢ ᠬᠥᠮᠦᠨ ᠢ ᠴᠤ ᠬᠣᠯᠠ ᠠᠴᠠ ᠲᠠᠨᠢᠳᠠᠭ ᠶᠤᠮ᠃
7 ᠬᠡᠳᠦᠢᠪᠡᠷ ᠪᠢ ᠵᠣᠪᠠᠯᠠᠩ ᠤᠨ ᠳᠤᠮᠳᠠ ᠠᠯᠬᠤᠭᠰᠠᠨ ᠴᠤ ᠲᠠ ᠨᠠᠮᠠᠶᠢ ᠰᠡᠷᠭᠦᠭᠡᠨ᠎ᠡ ᠳᠠᠢᠰᠤᠨ ᠨᠤᠭᠤᠳ ᠤᠨ ᠮᠢᠨᠢ ᠬᠢᠯᠢᠩ ᠤᠨ ᠡᠰᠡᠷᠭᠦ ᠲᠠ ᠮᠤᠲᠤᠷ ᠢᠶᠠᠨ ᠰᠤᠩ᠋ᠭᠠᠵᠤ ᠪᠠᠷᠠᠭᠤᠨ ᠮᠤᠲᠤᠷ ᠢᠶᠠᠷ ᠢᠶᠠᠨ ᠨᠠᠮᠠᠶᠢ ᠠᠪᠤᠷᠠᠨ᠎ᠠ᠂
8 ᠶᠣᠬᠣᠸᠠ ᠮᠢᠨᠦ ᠲᠤᠬᠠᠢ ᠪᠦᠬᠦᠨ ᠢ ᠲᠡᠭᠦᠰ ᠪᠣᠯᠭᠠᠨ᠎ᠠ᠂ ᠶᠣᠬᠣᠸᠠ᠂ ᠲᠠᠨ ᠤ ᠦᠨᠡᠨ ᠬᠠᠢᠷ᠎ᠠ ᠡᠭᠦᠷᠢᠳᠡ ᠶᠢᠨ ᠬᠢ᠂ ᠮᠤᠲᠤᠷ ᠤᠨ ᠢᠶᠠᠨ ᠪᠦᠲᠦᠭᠡᠯ ᠤᠳ ᠢ ᠪᠦᠦ ᠣᠷᠬᠢᠭᠠᠴᠢ᠃