1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠴᠢᠨ ᠨᠢᠭᠡ
 ᠪᠤᠷᠬᠠᠨ ᠤ ᠮᠤᠲᠤᠷ ᠲᠤ ᠳᠠᠭᠠᠳᠬ᠎ᠠ
 ᠳ᠋ᠠᠸᠢᠳ᠋ ᠤᠨ ᠳᠠᠭᠤᠯᠠᠯ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠶᠣᠬᠣᠸᠠ᠂ ᠲᠠᠨ ᠤ ᠳᠣᠲᠣᠷ᠎ᠠ ᠪᠢ ᠬᠣᠷᠭᠣᠳᠠᠭᠰᠠᠨ ᠨᠠᠮᠠᠶᠢ ᠢᠴᠢᠭᠦᠷᠢ ᠳᠤ ᠣᠭᠲᠣ ᠪᠦᠦ ᠣᠷᠣᠭᠤᠯᠤᠭᠠᠴᠢ᠂ ᠥᠪᠡᠷ ᠦᠨ ᠢᠶᠠᠨ ᠵᠥᠪ ᠢᠶᠡᠷ ᠭᠡᠲᠦᠯᠭᠡᠵᠦ᠂
2 ᠨᠠᠳᠠ ᠤᠷᠤᠭᠤ ᠴᠢᠬᠢ ᠪᠠᠨ ᠬᠠᠨᠳᠤᠭᠤᠯᠤᠨ ᠨᠠᠮᠠᠶᠢ ᠬᠤᠷᠳᠤᠨ ᠴᠢᠯᠥᠭᠡᠯᠡᠭᠡᠴᠢ ᠨᠠᠮᠠᠶᠢ ᠥᠮᠥᠭᠯᠡᠬᠦ ᠬᠠᠳᠠ᠂ ᠨᠠᠮᠠᠶᠢ ᠠᠪᠤᠷᠠᠬᠤ ᠴᠠᠢᠵᠠ ᠪᠣᠯᠣᠭᠠᠴᠢ᠂
3 ᠮᠢᠨᠦ ᠬᠠᠳᠠ᠂ ᠮᠢᠨᠦ ᠴᠠᠢᠵᠠ ᠲᠠ ᠥᠪᠡᠷ ᠦᠨ ᠢᠶᠠᠨ ᠨᠡᠷ᠎ᠡ ᠶᠢᠨ ᠲᠥᠯᠥᠭᠡ ᠨᠠᠮᠠᠶᠢ ᠬᠥᠲᠥᠯᠥᠨ ᠳᠠᠭᠠᠭᠤᠯᠤᠨ᠎ᠠ᠂
4 ᠲᠠ ᠪᠣᠯ ᠮᠢᠨᠦ ᠬᠠᠮᠠᠭᠠᠯᠠᠯᠲᠠ ᠨᠢᠭᠤᠴᠠ ᠪᠠᠷ ᠲᠠᠯᠪᠢᠭᠰᠠᠨ ᠲᠣᠣᠷ ᠠᠴᠠ ᠲᠠ ᠨᠠᠮᠠᠶᠢ ᠭᠠᠷᠭᠠᠭᠠᠴᠢ᠃
5 ᠲᠠᠨ ᠤ ᠮᠤᠲᠤᠷ ᠲᠤ ᠪᠢ ᠰᠦᠨᠡᠰᠦ ᠪᠡᠨ ᠳᠠᠭᠠᠭᠠᠯᠭᠠᠶ᠎ᠠ ᠢᠲᠡᠭᠡᠮᠵᠢᠲᠦ ᠪᠤᠷᠬᠠᠨ ᠶᠣᠬᠣᠸᠠ᠂ ᠲᠠ ᠨᠠᠮᠠᠶᠢ ᠵᠣᠯᠢᠵᠤ ᠠᠪᠤᠭᠰᠠᠨ ᠪᠢᠯᠡ᠃

6 ᠬᠣᠭᠣᠰᠣᠨ ᠰᠢᠲᠦᠭᠡᠨ ᠤᠷᠤᠭᠤ ᠬᠠᠨᠳᠤᠭᠴᠢᠳ ᠢ ᠪᠢ ᠵᠢᠭ᠍ᠰᠢᠳᠡᠭ ᠪᠢ ᠶᠣᠬᠣᠸᠠ ᠳᠤ ᠢᠲᠡᠭᠡᠳᠡᠭ︕
7 ᠪᠢ ᠲᠠᠨ ᠤ ᠦᠨᠡᠨ ᠬᠠᠢᠷ᠎ᠠ ᠪᠠᠷ ᠪᠠᠶᠠᠷ ᠪᠠᠶᠠᠰᠬᠤᠯᠠᠩ ᠲᠠᠢ ᠤᠴᠢᠷ ᠨᠢ ᠲᠠ ᠵᠣᠪᠠᠯᠠᠩ ᠢ ᠮᠢᠨᠢ ᠬᠠᠷᠠᠭᠰᠠᠨ ᠵᠢᠷᠦᠬᠡᠨ ᠦ ᠮᠢᠨᠢ ᠵᠦᠳᠡᠭᠦᠷᠢ ᠶᠢ ᠮᠡᠳᠡᠭᠰᠡᠨ᠂
8 ᠨᠠᠮᠠᠶᠢ ᠳᠠᠢᠰᠤᠨ ᠤ ᠭᠠᠷ ᠲᠤ ᠲᠤᠰᠢᠶᠠᠭᠰᠠᠨ ᠦᠭᠡᠢ ᠬᠥᠯ ᠢ ᠮᠢᠨᠢ ᠠᠭᠤᠳᠠᠮ ᠭᠠᠵᠠᠷ ᠲᠤ ᠲᠠᠯᠪᠢᠭᠰᠠᠨ᠃

9 ᠶᠣᠬᠣᠸᠠ᠂ ᠨᠠᠮᠠᠶᠢ ᠡᠨᠡᠷᠢᠭᠡᠴᠢ ᠪᠢ ᠵᠣᠪᠠᠯᠠᠩ ᠳᠤᠮᠳᠠ ᠪᠠᠢᠨ᠎ᠠ᠂ ᠤᠢ ᠭᠠᠰᠢᠭᠤ ᠠᠴᠠ ᠪᠣᠯᠵᠤ ᠨᠢᠳᠦ᠂ ᠰᠡᠳᠬᠢᠯ ᠪᠣᠯᠣᠨ ᠪᠡᠶ᠎ᠡ ᠮᠢᠨᠢ ᠰᠤᠯᠠᠳᠠᠪᠠ᠃
10 ᠠᠮᠢᠳᠤᠷᠠᠯ ᠮᠢᠨᠢ ᠤᠢᠳᠬᠠᠷ ᠲᠠᠢ ᠪᠠᠷ ᠣᠨ ᠵᠢᠯ ᠤᠳ ᠮᠠᠨᠢ ᠰᠠᠨᠠᠭ᠎ᠠ ᠠᠯᠳᠠᠯᠲᠠ ᠲᠠᠢ ᠪᠠᠷ ᠡᠴᠦᠰᠯᠡᠪᠡ᠂ ᠰᠢᠳᠬᠡᠯ 12 ᠡᠴᠡ ᠪᠣᠯᠵᠤ ᠲᠠᠮᠢᠷ ᠮᠢᠨᠢ ᠳᠣᠷᠣᠢᠲᠠᠵᠤ ᠶᠠᠰᠤ ᠮᠢᠨᠢ ᠰᠤᠯᠠᠳᠠᠪᠠ᠃
11 ᠬᠠᠮᠤᠭ ᠳᠠᠢᠰᠤᠨ ᠠᠴᠠ ᠪᠣᠯᠵᠤ ᠪᠢ ᠬᠥᠷᠰᠢ ᠶᠢᠨ ᠢᠶᠠᠨ ᠠᠳᠠᠭ ᠤᠨ ᠵᠢᠭ᠍ᠰᠢᠯ ᠠᠨᠳᠠ ᠨᠥᠬᠥᠷ ᠦᠨ ᠢᠶᠠᠨ ᠠᠶᠤᠮᠰᠢᠭᠲᠤ ᠵᠢᠪᠡᠭᠦᠦ ᠪᠣᠯᠪᠠ ᠭᠤᠳᠤᠮᠵᠢᠨ ᠳᠤ ᠲᠠᠭᠠᠷᠠᠭᠰᠠᠨ ᠬᠥᠮᠦᠰ ᠨᠠᠳᠠ ᠠᠴᠠ ᠵᠠᠢᠯᠠᠰᠬᠢᠳᠠᠭ᠃
12 ᠬᠡᠭᠦᠷ ᠮᠡᠲᠦ ᠪᠢ ᠰᠠᠨᠠᠭᠠᠨ ᠠᠴᠠ ᠨᠢ ᠭᠠᠷᠤᠨ ᠮᠠᠷᠲᠠᠭᠳᠠᠵᠤ ᠬᠠᠭᠠᠷᠠᠭᠰᠠᠨ ᠰᠠᠪᠠ ᠮᠡᠲᠦ ᠪᠣᠯᠪᠠ᠂
13 ᠣᠯᠠᠨ ᠤ ᠭᠦᠳᠬᠡᠯᠭᠡ ᠶᠢ ᠪᠢ ᠰᠣᠨᠣᠰᠳᠠᠭ ᠠᠢᠳᠠᠰ ᠲᠠᠯ᠎ᠠ ᠪᠦᠷᠢ ᠳᠤ ᠪᠤᠢ᠂ ᠠᠮᠢ ᠶᠢ ᠮᠢᠨᠢ ᠠᠪᠬᠤ ᠪᠠᠷ ᠲᠡᠳᠡ ᠬᠤᠤᠪᠢᠯᠳᠤᠨ ᠮᠢᠨᠦ ᠡᠰᠡᠷᠭᠦ ᠵᠥᠪᠯᠡᠯᠳᠦᠪᠡ᠃

14 ᠬᠠᠷᠢᠨ ᠪᠢ ᠶᠣᠬᠣᠸᠠ ᠲᠠᠨ ᠳᠤ ᠢᠲᠡᠭᠡᠳᠡᠭ 《ᠲᠠ ᠪᠣᠯ ᠮᠢᠨᠦ ᠪᠤᠷᠬᠠᠨ》 ᠭᠡᠵᠦ ᠬᠡᠯᠡᠳᠡᠭ᠃
15 ᠴᠠᠭ ᠬᠤᠭᠤᠴᠠᠭ᠎ᠠ ᠮᠢᠨᠢ ᠲᠠᠨ ᠤ ᠮᠤᠲᠤᠷ ᠲᠤ ᠪᠠᠢᠨ᠎ᠠ᠂ ᠨᠠᠮᠠᠶᠢ ᠳᠠᠢᠰᠤᠨ ᠨᠤᠭᠤᠳ ᠤᠨ ᠮᠢᠨᠢ ᠭᠠᠷ ᠠᠴᠠ ᠳᠠᠷᠤᠯᠠᠭᠴᠢᠳ ᠤᠨ ᠭᠠᠷ ᠠᠴᠠ ᠭᠡᠲᠦᠯᠭᠡᠭᠡᠴᠢ᠂
16 ᠨᠢᠭᠤᠷ ᠢᠶᠠᠨ ᠵᠠᠷᠤᠴᠠ ᠶᠢᠨ ᠢᠶᠠᠨ ᠳᠡᠭᠡᠷ᠎ᠡ ᠭᠡᠷᠡᠯᠲᠦᠭᠦᠯᠵᠦ ᠦᠨᠡᠨ ᠬᠠᠢᠷ᠎ᠠ ᠪᠠᠷ ᠢᠶᠠᠨ ᠨᠠᠮᠠᠶᠢ ᠠᠪᠤᠷᠠᠭᠠᠴᠢ᠃
17 ᠪᠢ ᠶᠣᠬᠣᠸᠠ ᠲᠠᠨ ᠢ ᠳᠠᠭᠤᠳᠠᠭᠰᠠᠨ ᠨᠠᠮᠠᠶᠢ ᠢᠴᠢᠭᠦᠷᠢ ᠳᠤ ᠪᠦᠦ ᠣᠷᠣᠭᠤᠯᠤᠭᠠᠴᠢ᠂ ᠪᠤᠷᠤᠭᠤᠲᠠᠳ ᠢ ᠢᠴᠢᠭᠦᠷᠢ ᠳᠤ ᠣᠷᠣᠭᠤᠯᠤᠭᠠᠴᠢ ᠪᠤᠯᠠᠰᠢ ᠤᠷᠤᠭᠤ ᠪᠠᠨ ᠲᠡᠳᠡ ᠳᠠᠭᠤ ᠦᠭᠡᠢ ᠶᠠᠪᠤᠭ᠃
18 ᠪᠠᠷᠳᠠᠮ ᠰᠠᠭᠰᠠᠭᠤ ᠦᠭᠡ ᠪᠡᠷ ᠵᠥᠪᠲᠡᠨ ᠢ ᠪᠠᠰᠤᠳᠠᠭ ᠪᠠᠴᠢᠲᠤ ᠣᠷᠣᠭᠤᠯ ᠢ ᠳᠠᠭᠤ ᠦᠭᠡᠢ ᠪᠠᠢᠯᠭᠠᠭᠠᠴᠢ᠃

19 ᠬᠥᠮᠦᠨ ᠦ ᠬᠥᠪᠡᠭᠦᠳ ᠦᠨ ᠡᠮᠦᠨ᠎ᠡ ᠥᠪᠡᠷ ᠡᠴᠡ ᠲᠠᠨᠢ ᠡᠮᠢᠶᠡᠭᠴᠢᠳ ᠤᠨ ᠲᠥᠯᠥᠭᠡ ᠲᠠᠨ ᠤ ᠬᠠᠳᠠᠭᠠᠯᠠᠭᠰᠠᠨ ᠥᠪᠡᠷ ᠦᠨ ᠲᠠᠨᠢ ᠳᠣᠲᠣᠷ᠎ᠠ ᠬᠣᠷᠭᠣᠳᠠᠭᠴᠢᠳ ᠤᠨ ᠲᠥᠯᠥᠭᠡ ᠲᠠᠨ ᠤ ᠦᠢᠯᠡᠳᠦᠭᠰᠡᠨ ᠰᠠᠢᠨ ᠰᠠᠢᠬᠠᠨ ᠶᠠᠭᠤᠲᠠᠢ ᠠᠭᠤᠤ ᠪᠤᠢ︕
20 ᠲᠠ ᠲᠡᠳᠡᠨ ᠢ ᠣᠷᠣᠰᠢᠬᠤᠢ ᠶᠢᠨ ᠢᠶᠠᠨ ᠨᠢᠭᠤᠴᠠ ᠭᠠᠵᠠᠷ ᠲᠤ ᠬᠥᠮᠦᠨ ᠦ ᠬᠤᠤᠪᠢᠯᠳᠤᠭᠠᠨ ᠠᠴᠠ ᠨᠢᠭᠤᠨ᠎ᠠ ᠥᠪᠡᠷ ᠦᠨ ᠮᠠᠢᠬᠠᠨ ᠳᠠᠭᠠᠨ ᠲᠡᠳᠡᠨ ᠢ ᠪᠤᠷᠤᠭᠤᠰᠢᠶᠠᠭᠴᠢ ᠬᠡᠯᠡ ᠡᠴᠡ ᠳᠠᠯᠳᠠᠯᠠᠨ᠎ᠠ᠃
21 ᠪᠦᠰᠡᠯᠡᠭᠳᠡᠭᠰᠡᠨ ᠬᠣᠲᠠ ᠳᠤ ᠪᠠᠢᠬᠤ ᠳᠤ ᠮᠢᠨᠢ ᠭᠠᠢᠬᠠᠮᠰᠢᠭᠲᠠᠢ ᠪᠠᠷ ᠦᠨᠡᠨ ᠬᠠᠢᠷ᠎ᠠ ᠪᠠᠨ ᠦᠵᠡᠭᠦᠯᠦᠭᠰᠡᠨ ᠶᠣᠬᠣᠸᠠ ᠮᠠᠭᠲᠠᠭᠳᠠᠬᠤ ᠪᠣᠯᠲᠤᠭᠠᠢ᠂
22 ᠪᠢ ᠰᠠᠨᠳᠤᠷᠬᠤ ᠳᠠᠭᠠᠨ 《ᠲᠠᠨ ᠤ ᠮᠡᠯᠮᠡᠢ ᠶᠢᠨ ᠡᠮᠦᠨ᠎ᠡ ᠡᠴᠡ ᠲᠠᠰᠤᠯᠤᠭᠳᠠᠬᠤ ᠨᠢ ᠡ》 ᠭᠡᠪᠡ᠂ ᠭᠡᠪᠡᠴᠦ ᠲᠠᠨ ᠤᠷᠤᠭᠤ ᠬᠠᠰᠬᠢᠷᠬᠤ ᠳᠤ ᠮᠢᠨᠢ ᠲᠠ ᠮᠢᠨᠦ ᠭᠤᠶᠤᠯᠲᠠ ᠶᠢᠨ ᠳᠠᠭᠤ ᠶᠢ ᠰᠣᠨᠣᠰᠣᠭᠰᠠᠨ ᠪᠢᠯᠡ᠃

23 ᠶᠣᠬᠣᠸᠠ ᠶᠢ ᠬᠠᠢᠷᠠᠯᠠ᠂ ᠲᠡᠭᠦᠨ ᠳᠦ ᠦᠨᠡᠨᠴᠢ ᠪᠦᠭᠦᠳᠡ ᠡ ᠶᠣᠬᠣᠸᠠ ᠢᠲᠡᠭᠡᠮᠵᠢᠲᠦ ᠬᠥᠮᠦᠰ ᠢᠶᠡᠨ ᠬᠠᠮᠠᠭᠠᠯᠠᠳᠠᠭ ᠪᠣᠯ᠂ ᠶᠡᠬᠡᠮᠰᠦᠭᠯᠡᠨ ᠦᠢᠯᠡᠳᠦᠭᠴᠢᠳ ᠲᠤ ᠬᠠᠷᠢᠭᠤ ᠶᠢ ᠨᠢ ᠪᠦᠷᠢᠨ ᠲᠥᠯᠥᠨ᠎ᠡ᠃
24 ᠶᠣᠬᠣᠸᠠ ᠳᠤ ᠨᠠᠢᠳᠠᠳᠠᠭ ᠪᠦᠭᠦᠳᠡ ᠡ ᠬᠦᠴᠦᠲᠡᠢ ᠪᠠᠢ᠂ ᠵᠢᠷᠦᠬᠡ ᠪᠡᠨ ᠵᠣᠷᠢᠭᠲᠠᠢ ᠪᠠᠢᠯᠭ᠎ᠠ᠃