ᠳᠠᠭᠤᠯᠠᠯ ᠨᠠᠶᠠᠨ ᠨᠢᠭᠡ
ᠪᠤᠷᠬᠠᠨ ᠳᠤ ᠳᠤᠭᠤᠯᠭᠠᠪᠤᠷᠢᠲᠠᠢ ᠪᠠᠢ
ᠠᠰᠠᠹ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠬᠢᠲ᠋ᠢᠲ\f + \fr 81:0 \ft ᠬᠥᠭᠵᠢᠮ ᠤᠨ ᠲᠣᠮᠢᠶ᠎ᠠ ᠪᠠᠢᠬ᠎ᠠ᠃ ᠵᠠᠷᠢᠮ ᠨᠢ ᠬᠥᠭᠵᠢᠮ ᠤᠨ ᠵᠢᠮᠰᠡᠭ ᠭᠡᠵᠦ ᠦᠵᠡᠳᠡᠭ᠃ \f*ᠳᠡᠭᠡᠷ᠎ᠡ᠃
1 ᠪᠢᠳᠡᠨ ᠦ ᠬᠦᠴᠦ ᠪᠣᠯᠬᠤ ᠪᠤᠷᠬᠠᠨ ᠤ ᠡᠮᠦᠨ᠎ᠡ ᠪᠠᠶᠠᠷᠯᠠᠨ ᠳᠠᠭᠤᠯᠠ ᠶᠠᠺᠣᠪ ᠤᠨ ᠪᠤᠷᠬᠠᠨ ᠤᠷᠤᠭᠤ ᠴᠢᠩᠭ᠍᠎ᠠ ᠪᠠᠷ ᠬᠠᠰᠬᠢᠷ᠃
2 ᠳᠠᠭᠤᠤ ᠡᠷᠭᠦᠵᠦ᠂ ᠬᠡᠩᠭᠡᠷᠭᠡ ᠳᠡᠯᠡᠳ ᠡᠭᠡᠰᠢᠭᠯᠡᠩᠲᠦ ᠶᠠᠲᠤᠭ᠎ᠠ ᠶᠢ ᠬᠤᠭᠤᠷ ᠲᠠᠢ ᠬᠠᠮᠲᠤ ᠲᠣᠭᠯᠠ᠃
3 ᠰᠢᠨ᠎ᠡ ᠰᠠᠷ᠎ᠠ᠂ ᠲᠡᠷᠭᠡᠯ ᠰᠠᠷᠠᠨ ᠢᠶᠠᠷ ᠪᠢᠳᠡᠨ ᠦ ᠪᠠᠶᠠᠷ ᠤᠨ ᠡᠳᠦᠷ ᠢᠶᠡᠷ ᠪᠦᠷᠢᠶ᠎ᠡ ᠦᠯᠢᠶᠡ᠂
4 ᠲᠡᠭᠡᠬᠦ ᠨᠢ ᠢᠰᠷᠧᠯ ᠤᠨ ᠲᠣᠭᠲᠠᠭᠠᠯ ᠶᠠᠺᠣᠪ ᠤᠨ ᠪᠤᠷᠬᠠᠨ ᠤ ᠵᠢᠷᠤᠮ ᠶᠤᠮ᠃
5 ᠪᠤᠷᠬᠠᠨ ᠶᠧᠵᠢᠫᠲ ᠤᠨ ᠳᠡᠭᠡᠭᠦᠷ ᠭᠠᠷᠬᠤ ᠳᠠᠭᠠᠨ ᠶᠣᠰᠧᠹ ᠲᠤ ᠡᠭᠦᠨ ᠢ ᠵᠠᠷᠴᠢᠮ ᠪᠣᠯᠭᠠᠨ ᠥᠭᠭᠥᠭᠰᠡᠨ᠂ ᠪᠢ ᠮᠡᠳᠡᠬᠦ ᠦᠭᠡᠢ ᠪᠠᠢᠭᠰᠠᠨ ᠬᠡᠯᠡ ᠶᠢ ᠰᠣᠨᠣᠰᠴᠤ ᠪᠠᠢᠨ᠎ᠠ᠄
6 《ᠪᠢ ᠮᠥᠷᠥ ᠶᠢ ᠴᠢᠨᠢ ᠠᠴᠢᠶ᠎ᠠ ᠠᠴᠠ ᠰᠤᠯᠠᠯᠠᠪᠠ ᠭᠠᠷ ᠢ ᠴᠢᠨᠢ ᠰᠠᠭᠰᠤᠨ ᠠᠴᠠ ᠴᠢᠯᠥᠭᠡᠯᠡᠪᠡ᠂
7 ᠴᠢ ᠵᠣᠪᠠᠯᠠᠩ ᠳᠤᠮᠳᠠ ᠪᠠᠨ ᠬᠠᠰᠬᠢᠷᠬᠤ ᠳᠤ᠂ ᠪᠢ ᠴᠢᠮᠠᠶᠢ ᠭᠡᠲᠦᠯᠭᠡᠭᠰᠡᠨ᠂ ᠠᠶᠤᠩ᠋ᠭᠠᠲᠤ ᠨᠢᠭᠤᠴᠠ ᠭᠠᠵᠠᠷ ᠠᠴᠠ ᠴᠢᠮ᠎ᠠ ᠳᠤ ᠬᠠᠷᠢᠭᠤ ᠥᠭᠭᠥᠭᠰᠡᠨ ᠮᠧᠷᠢᠪᠠ ᠶᠢᠨ ᠤᠰᠤᠨ ᠤ ᠳᠡᠷᠭᠡᠳᠡ ᠴᠢᠮᠠᠶᠢ ᠲᠤᠷᠰᠢᠭᠰᠠᠨ᠂
ᠰᠧᠯᠠ
8 ᠠᠷᠠᠳ ᠲᠦᠮᠡᠨ ᠮᠢᠨᠢ᠂ ᠠᠩ᠋ᠬᠠᠷᠤᠭᠤᠯᠬᠤ ᠶᠢ ᠮᠢᠨᠢ ᠰᠣᠨᠣᠰ᠂ ᠢᠰᠷᠧᠯ ᠡ᠂ ᠴᠢ ᠮᠢᠨᠦᠬᠢ ᠶᠢ ᠰᠣᠨᠣᠰᠣᠭᠰᠠᠨ ᠴᠤ ᠪᠣᠯᠣᠭᠠᠰᠠᠢ︕
9 ᠬᠠᠴᠢᠨ ᠪᠤᠷᠬᠠᠨ ᠢ ᠥᠪᠡᠷᠰᠡᠳ ᠦᠨ ᠢᠶᠠᠨ ᠳᠤᠮᠳᠠ ᠪᠦᠦ ᠪᠠᠢᠯᠭ᠎ᠠ ᠬᠠᠷᠢ ᠶᠢᠨ ᠪᠤᠷᠬᠠᠨ ᠳᠤ ᠪᠦᠦ ᠮᠥᠷᠭᠥ᠃
10 ᠴᠢᠨᠦ ᠪᠤᠷᠬᠠᠨ ᠪᠣᠯ ᠶᠣᠬᠣᠸᠠ ᠪᠢ᠂ ᠪᠢ ᠴᠢᠮᠠᠶᠢ ᠶᠧᠵᠢᠫᠲ ᠡᠴᠡ ᠠᠪᠴᠢᠷᠠᠭᠰᠠᠨ᠂ ᠠᠮᠠ ᠪᠠᠨ ᠲᠣᠮᠣ ᠠᠩ᠋ᠭᠠᠢᠯᠭᠠ᠂ ᠪᠢ ᠳᠦᠭᠦᠷᠭᠡᠶᠡ᠃
11 ᠭᠡᠪᠡᠴᠦ ᠮᠢᠨᠦ ᠠᠷᠠᠳ ᠲᠦᠮᠡᠨ ᠮᠢᠨᠦᠬᠢ ᠶᠢ ᠰᠣᠨᠣᠰᠣᠭ᠎ᠠ ᠦᠭᠡᠢ ᠢᠰᠷᠧᠯ ᠨᠠᠳᠠ ᠳᠤ ᠵᠠᠬᠢᠷᠤᠭᠳᠠᠬᠤ ᠦᠭᠡᠢ ᠪᠠᠢᠯ᠎ᠠ᠃
12 ᠲᠡᠭᠡᠭᠡᠳ ᠪᠢ ᠲᠡᠳᠡᠨ ᠢ ᠬᠠᠲᠠᠭᠤ ᠵᠢᠷᠦᠬᠡ ᠲᠠᠢ ᠴᠢᠭ ᠢᠶᠠᠷ ᠨᠢ ᠣᠷᠬᠢᠪᠠ ᠲᠡᠳᠡ ᠥᠪᠡᠷᠰᠡᠳ ᠦᠨ ᠢᠶᠠᠨ ᠠᠷᠭ᠎ᠠ ᠶᠢ ᠳᠠᠭᠠᠵᠤ ᠪᠠᠢᠪᠠ᠃
13 ᠮᠢᠨᠦ ᠠᠷᠠᠳ ᠲᠦᠮᠡᠨ ᠮᠢᠨᠦᠬᠢ ᠶᠢ ᠰᠣᠨᠣᠰᠣᠭᠰᠠᠨ ᠴᠤ ᠪᠣᠯᠣᠭᠠᠰᠠᠢ ᠢᠰᠷᠧᠯ ᠮᠢᠨᠦ ᠵᠠᠮ ᠢ ᠳᠠᠭᠠᠭᠰᠠᠨ ᠴᠤ ᠪᠣᠯᠣᠭᠠᠰᠠᠢ︕
14 ᠲᠡᠭᠡᠪᠡᠯ ᠪᠢ ᠳᠠᠢᠰᠤᠨ ᠨᠤᠭᠤᠳ ᠢ ᠨᠢ ᠬᠤᠷᠳᠤᠨ ᠳᠠᠷᠤᠵᠤ ᠮᠤᠲᠤᠷ ᠢᠶᠠᠨ ᠡᠷᠭᠢᠭᠦᠯᠵᠦ ᠥᠰᠲᠡᠨ ᠨᠦᠭᠦᠳ ᠢ ᠨᠢ ᠴᠣᠬᠢᠬᠤ ᠪᠠᠢᠭᠰᠠᠨ
15 ᠶᠣᠬᠣᠸᠠ ᠶᠢ ᠦᠵᠡᠨ ᠶᠠᠳᠠᠭᠰᠠᠳ ᠥᠪᠡᠷ ᠲᠤᠨᠢ ᠪᠥᠬᠥᠢᠵᠦ ᠢᠰᠷᠧᠯ ᠤᠨ ᠦᠶ᠎ᠡ ᠮᠥᠩᠬᠡᠷᠡᠬᠦ ᠪᠠᠢᠭᠰᠠᠨ
16 ᠲᠡᠷᠡ ᠴᠢᠮ᠎ᠠ ᠶᠢ ᠣᠬᠢ ᠪᠤᠭᠤᠳᠠᠢ ᠪᠠᠷ ᠬᠣᠭᠣᠯᠠᠯᠠᠵᠤ ᠬᠠᠳᠠᠨ ᠠᠴᠠ ᠭᠠᠷᠤᠭᠰᠠᠨ ᠪᠠᠯ ᠢᠶᠠᠷ ᠬᠠᠩ᠋ᠭᠠᠬᠤ ᠪᠠᠢᠭᠰᠠᠨ᠃