1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠭᠤᠴᠢᠨ ᠬᠣᠶᠠᠷ
 ᠠᠷᠢᠭᠤᠨ ᠭᠠᠵᠠᠷ ᠢ ᠢᠷᠥᠭᠡᠭᠡᠴᠢ
 ᠥᠭᠰᠥᠬᠦ ᠳᠠᠭᠤᠤ᠃

1 ᠶᠣᠬᠣᠸᠠ᠂ ᠳ᠋ᠠᠸᠢᠳ᠋ ᠤᠨ ᠲᠥᠯᠥᠭᠡ ᠪᠦᠬᠦ ᠵᠣᠪᠠᠯᠠᠩ ᠢ ᠨᠢ ᠰᠠᠨᠠᠭᠠᠴᠢ᠃
2 ᠲᠡᠷᠡ ᠶᠣᠬᠣᠸᠠ ᠳᠤ ᠲᠠᠩ᠋ᠭᠠᠷᠢᠭᠯᠠᠨ ᠶᠠᠺᠣᠪ ᠤᠨ ᠲᠡᠭᠦᠰ ᠬᠦᠴᠦᠲᠡᠨ ᠳᠦ ᠠᠨᠳᠠᠭᠠᠢᠯᠠᠵᠤ
3 《ᠪᠢ ᠭᠡᠷ ᠲᠡᠭᠡᠨ ᠣᠷᠣᠬᠤ ᠦᠭᠡᠢ᠂ ᠣᠷᠣ ᠳᠡᠭᠡᠷ᠎ᠡ ᠪᠡᠨ ᠬᠡᠪᠲᠡᠬᠦ ᠦᠭᠡᠢ ᠪᠠᠢᠭᠰᠠᠨ ᠴᠤ
4 ᠪᠢ ᠨᠢᠳᠦ ᠪᠡᠨ ᠨᠣᠢᠷᠮᠣᠭᠯᠠᠭᠤᠯᠤᠭ᠎ᠠ ᠦᠭᠡᠢ᠂ ᠵᠣᠪᠬᠢ ᠪᠠᠨ ᠦᠷᠭᠡᠯᠡᠭᠦᠯᠦᠭᠡ ᠦᠭᠡᠢ ᠪᠠᠢᠭᠰᠠᠨ ᠴᠤ᠂
5 ᠶᠣᠬᠣᠸᠠ ᠶᠢᠨ ᠣᠷᠣᠰᠢᠬᠤ ᠭᠠᠵᠠᠷ ᠢ ᠶᠠᠺᠣᠪ ᠤᠨ ᠲᠡᠭᠦᠰ ᠬᠦᠴᠦᠲᠡᠨ ᠦ ᠰᠠᠭᠤᠬᠤ ᠭᠠᠵᠠᠷ ᠢ ᠣᠯᠣᠶ᠎ᠠ》 ᠭᠡᠰᠡᠨ ᠪᠢᠯᠡ᠃

6 ᠬᠠᠷᠠ᠂ ᠮᠠᠨ ᠤ ᠬᠢᠨ ᠡᠹᠷᠠᠲ ᠲᠤ ᠡᠭᠦᠨ ᠦ ᠲᠤᠬᠠᠢ ᠰᠣᠨᠣᠰᠴᠤ ᠶᠠᠭᠠᠷ ᠤᠨ ᠲᠠᠯᠠᠪᠠᠢ ᠠᠴᠠ ᠡᠭᠦᠨ ᠢ ᠣᠯᠵᠠᠢ᠂
7 ᠪᠢᠳᠡ ᠲᠡᠭᠦᠨ ᠦ ᠣᠷᠣᠰᠢᠬᠤ ᠭᠠᠵᠠᠷ ᠲᠤ ᠣᠴᠢᠵᠠᠭᠠᠶ᠎ᠠ ᠲᠡᠭᠦᠨ ᠦ ᠬᠥᠯ ᠦᠨ ᠭᠢᠰᠬᠢᠭᠦᠷ ᠦᠨ ᠡᠮᠦᠨ᠎ᠡ ᠮᠥᠷᠭᠥᠵᠡᠭᠡᠶ᠎ᠡ᠂
8 ᠶᠣᠬᠣᠸᠠ ᠪᠣᠰᠣᠭᠠᠴᠢ᠂ ᠬᠦᠴᠦ ᠴᠢᠳᠠᠯ ᠤᠨ ᠢᠶᠠᠨ ᠠᠪᠳᠠᠷ᠎ᠠ ᠲᠠᠢ ᠬᠠᠮᠲᠤ ᠠᠮᠠᠷᠠᠬᠤ ᠭᠠᠵᠠᠷ ᠲᠠᠭᠠᠨ ᠣᠷᠣᠭᠠᠴᠢ᠂
9 ᠲᠠᠨ ᠤ ᠲᠠᠬᠢᠯᠴᠢᠳ ᠵᠥᠪ ᠢᠶᠡᠷ ᠬᠤᠪᠴᠠᠰᠤᠯᠠᠵᠤ ᠲᠠᠨ ᠳᠤ ᠦᠨᠡᠨᠴᠢ ᠬᠥᠮᠦᠰ ᠪᠠᠶᠠᠷ ᠲᠠᠢ ᠪᠠᠷ ᠬᠠᠰᠬᠢᠷᠬᠤ ᠪᠣᠯᠣᠨ᠎ᠠ᠂
10 ᠥᠪᠡᠷ ᠦᠨ ᠢᠶᠠᠨ ᠵᠠᠷᠤᠴᠠ ᠳ᠋ᠠᠸᠢᠳ᠋ ᠤᠨ ᠤᠯᠠᠮ ᠢᠶᠠᠷ ᠥᠪᠡᠷ ᠦᠨ ᠢᠶᠠᠨ ᠲᠣᠰᠣᠯᠠᠭᠰᠠᠨ ᠨᠢᠭᠡᠨ ᠡᠴᠡ ᠨᠢᠭᠤᠷ ᠢᠶᠠᠨ ᠪᠦᠦ ᠪᠤᠷᠤᠭᠤᠯᠠᠭᠠᠴᠢ᠂
11 ᠶᠣᠬᠣᠸᠠ ᠳ᠋ᠠᠸᠢᠳ᠋ ᠲᠤ ᠪᠤᠴᠠᠯᠲᠠ ᠦᠭᠡᠢ ᠪᠠᠲᠤ ᠲᠠᠩ᠋ᠭᠠᠷᠢᠭ ᠲᠠᠯᠪᠢᠨ᠄ 《ᠪᠢ ᠪᠡᠶ᠎ᠡ ᠡᠴᠡ ᠴᠢᠨᠢ ᠭᠠᠷᠬᠤ ᠦᠷ᠎ᠡ ᠬᠣᠢᠴᠢ ᠶᠢ ᠴᠢᠨᠦ ᠰᠡᠨᠲᠢ ᠳᠤ ᠰᠠᠭᠤᠯᠭᠠᠨ᠎ᠠ᠂
12 ᠬᠥᠪᠡᠭᠦᠳ ᠴᠢᠨᠢ ᠮᠢᠨᠦ ᠭᠡᠷ᠎ᠡ ᠶᠢ᠂ ᠮᠢᠨᠦ ᠰᠤᠷᠭᠠᠬᠤ ᠵᠠᠷᠴᠢᠮ ᠢ ᠰᠠᠬᠢᠪᠠᠯ ᠲᠡᠳᠡᠨ ᠦ ᠬᠥᠪᠡᠭᠦᠳ ᠴᠤ ᠴᠢᠨᠦ ᠰᠡᠨᠲᠢ ᠳᠤ ᠦᠶ᠎ᠡ ᠶᠢᠨ ᠦᠶ᠎ᠡ ᠳᠦ ᠰᠠᠭᠤᠬᠤ ᠪᠣᠯᠣᠨ᠎ᠠ》 ᠭᠡᠰᠡᠨ ᠶᠤᠮ᠃

13 ᠤᠴᠢᠷ ᠨᠢ ᠶᠣᠬᠣᠸᠠ ᠽᠢᠶᠣᠨ ᠢ ᠰᠣᠩ᠋ᠭᠣᠭᠰᠠᠨ᠂ ᠲᠡᠭᠦᠨ ᠢ ᠰᠠᠭᠤᠬᠤ ᠭᠠᠵᠠᠷ ᠢᠶᠠᠨ ᠪᠣᠯᠭᠠᠬᠤ ᠶᠢ ᠬᠦᠰᠡᠨ᠄
14 《ᠡᠭᠦᠷᠢᠳᠡ ᠠᠮᠠᠷᠠᠬᠤ ᠭᠠᠵᠠᠷ ᠮᠢᠨᠢ ᠡᠨᠡ ᠡᠭᠦᠨ ᠢ ᠪᠢ ᠬᠦᠰᠡᠭᠰᠡᠨ᠂ ᠪᠢ ᠡ᠊ᠨᠳᠡ ᠰᠠᠭᠤᠨ᠎ᠠ᠂
15 ᠲᠡᠭᠦᠨ ᠢ ᠪᠢ ᠡᠯᠪᠡᠭ ᠬᠦᠨᠡᠰᠦ ᠪᠡᠷ ᠢᠷᠥᠭᠡᠵᠦ ᠦᠭᠡᠭᠦᠴᠦᠳ ᠢ ᠨᠢ ᠪᠣᠣᠪᠣ ᠪᠠᠷ ᠬᠠᠩ᠋ᠭᠠᠨ
16 ᠲᠠᠬᠢᠯᠴᠢᠳ ᠢ ᠨᠢ ᠠᠪᠤᠷᠠᠯ ᠢᠶᠠᠷ ᠬᠤᠪᠴᠠᠰᠤᠯᠠᠨ᠎ᠠ ᠦᠨᠡᠨᠴᠢ ᠬᠥᠮᠦᠰ ᠨᠢ ᠪᠠᠶᠠᠷ ᠲᠠᠢ ᠪᠠᠷ ᠬᠠᠰᠬᠢᠷᠤᠨ ᠳᠠᠭᠤᠯᠠᠨ᠎ᠠ᠂
17 ᠡ᠊ᠨᠳᠡ ᠪᠢ ᠳ᠋ᠠᠸᠢᠳ᠋ ᠤᠨ ᠡᠪᠡᠷ ᠢ ᠤᠷᠭᠤᠭᠤᠯᠤᠨ᠎ᠠ ᠪᠢ ᠲᠣᠰᠣᠯᠠᠭᠰᠠᠨ ᠨᠢᠭᠡᠨ ᠳᠡᠭᠡᠨ ᠳ᠋ᠧᠩ ᠪᠡᠯᠡᠳᠬᠡᠭᠰᠡᠨ᠂
18 ᠪᠢ ᠳᠠᠢᠰᠤᠨ ᠨᠤᠭᠤᠳ ᠢ ᠨᠢ ᠢᠴᠢᠭᠦᠷᠢ ᠪᠠᠷ ᠬᠤᠪᠴᠠᠰᠤᠯᠠᠬᠤ ᠳᠤ᠂ ᠲᠡᠭᠦᠨ ᠦ ᠲᠢᠲᠢᠮ ᠥᠪᠡᠷ ᠦᠨ ᠬᠢᠨᠢ ᠳᠡᠭᠡᠷ᠎ᠡ ᠭᠢᠯᠠᠯᠵᠠᠬᠤ ᠪᠣᠯᠣᠨ᠎ᠠ》 ᠭᠡᠰᠡᠨ ᠶᠤᠮ᠃