ᠳᠠᠭᠤᠯᠠᠯ ᠵᠢᠷᠠᠨ ᠳᠣᠯᠣᠭ᠎ᠠ
ᠬᠠᠮᠤᠭ ᠦᠨᠳᠦᠰᠦᠲᠡᠨ ᠦ ᠮᠠᠭᠲᠠᠭᠠᠯ
ᠳᠠᠭᠤᠯᠠᠯ᠂ ᠳᠠᠭᠤᠤ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠤᠲᠠᠰᠤᠲᠤ ᠬᠥᠭᠵᠢᠮ ᠳᠡᠭᠡᠷ᠎ᠡ᠃
1 ᠪᠤᠷᠬᠠᠨ᠂ ᠪᠢᠳᠡᠨ ᠢ ᠡᠨᠡᠷᠢᠨ ᠢᠪᠡᠭᠡᠭᠡᠴᠢ ᠪᠢᠳᠡᠨ ᠦ ᠳᠡᠭᠡᠷ᠎ᠡ ᠨᠢᠭᠤᠷ ᠢᠶᠠᠨ ᠭᠡᠷᠡᠯᠲᠦᠭᠦᠯᠦᠭᠡᠴᠢ᠃
ᠰᠧᠯᠠ
2 ᠲᠡᠢᠨ ᠬᠦ ᠲᠠᠨ ᠤ ᠵᠠᠮ ᠭᠠᠵᠠᠷ ᠳᠡᠭᠡᠷ᠎ᠡ ᠲᠠᠨ ᠤ ᠠᠪᠤᠷᠠᠯ ᠬᠠᠷᠢᠴᠤᠳ ᠤᠨ ᠳᠤᠮᠳᠠ ᠲᠠᠨᠢᠭᠳᠠᠭᠠᠰᠠᠢ᠃
3 ᠪᠤᠷᠬᠠᠨ᠂ ᠦᠨᠳᠦᠰᠦᠲᠡᠨ ᠨᠦᠭᠦᠳ ᠲᠠᠨ ᠢ ᠮᠠᠭᠲᠠᠭ ᠪᠦᠬᠦ ᠦᠨᠳᠦᠰᠦᠲᠡᠨ ᠲᠠᠨ ᠢ ᠮᠠᠭᠲᠠᠭ᠃
4 ᠲᠠ ᠰᠢᠳᠤᠷᠭᠤ ᠪᠠᠷ ᠦᠨᠳᠦᠰᠦᠲᠡᠨ ᠨᠦᠭᠦᠳ ᠢ ᠰᠢᠭᠦᠵᠦ ᠭᠠᠵᠠᠷ ᠤᠨ ᠶᠠᠰᠤᠲᠠᠨ ᠨᠤᠭᠤᠳ ᠢ ᠤᠳᠤᠷᠢᠳᠤᠨ᠎ᠠ᠂ ᠶᠠᠰᠤᠲᠠᠨ ᠨᠤᠭᠤᠳ ᠪᠠᠶᠠᠷᠯᠠᠨ᠂ ᠪᠠᠶᠠᠷ ᠬᠥᠷ ᠲᠡᠢ ᠪᠠᠷ ᠳᠠᠭᠤᠯᠠᠬᠤ ᠪᠣᠯᠣᠨ᠎ᠠ
ᠰᠧᠯᠠ
5 ᠪᠤᠷᠬᠠᠨ᠂ ᠦᠨᠳᠦᠰᠦᠲᠡᠨ ᠨᠦᠭᠦᠳ ᠲᠠᠨ ᠢ ᠮᠠᠭᠲᠠᠭ ᠪᠦᠬᠦ ᠦᠨᠳᠦᠰᠦᠲᠡᠨ ᠲᠠᠨ ᠢ ᠮᠠᠭᠲᠠᠭ᠃
6 ᠭᠠᠵᠠᠷ ᠤᠷᠭᠤᠴᠠ ᠪᠠᠨ ᠭᠠᠷᠭᠠᠵᠠᠢ ᠪᠤᠷᠬᠠᠨ᠂ ᠪᠢᠳᠡᠨ ᠦ ᠪᠤᠷᠬᠠᠨ ᠪᠢᠳᠡᠨ ᠢ ᠢᠪᠡᠭᠡᠵᠦ ᠪᠠᠢᠨ᠎ᠠ᠃
7 ᠪᠤᠷᠬᠠᠨ ᠪᠢᠳᠡᠨ ᠢ ᠢᠪᠡᠭᠡᠵᠦ ᠭᠠᠵᠠᠷ ᠤᠨ ᠪᠦᠬᠦ ᠬᠢᠵᠠᠭᠠᠷ ᠲᠡᠭᠦᠨ ᠡᠴᠡ ᠡᠮᠢᠶᠡᠬᠦ ᠪᠣᠯᠲᠤᠭᠠᠢ᠃