ᠳᠠᠭᠤᠯᠠᠯ ᠵᠠᠭᠤ ᠭᠤᠴᠢ ᠶᠢᠰᠦ
ᠪᠦᠭᠦᠳᠡ ᠶᠢ ᠮᠡᠳᠡᠭᠴᠢ ᠪᠤᠷᠬᠠᠨ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠶᠣᠬᠣᠸᠠ᠂ ᠲᠠ ᠨᠠᠮᠠᠶᠢ ᠰᠢᠯᠭᠠᠵᠤ ᠦᠵᠡᠭᠰᠡᠨ᠂ ᠲᠠ ᠨᠠᠮᠠᠶᠢ ᠮᠡᠳᠡᠳᠡᠭ
2 ᠰᠠᠭᠤᠵᠤ ᠪᠣᠰᠬᠤ ᠶᠢ ᠮᠢᠨᠢ ᠲᠠ ᠮᠡᠳᠡᠳᠡᠭ ᠰᠠᠨᠠᠭ᠎ᠠ ᠶᠢ ᠮᠢᠨᠢ ᠠᠯᠤᠰ ᠠᠴᠠ ᠴᠤ ᠣᠢᠯᠠᠭᠠᠳᠠᠭ
3 ᠬᠥᠳᠡᠯᠬᠦ ᠶᠢ ᠮᠢᠨᠢ ᠴᠤ᠂ ᠬᠡᠪᠲᠡᠬᠦ ᠶᠢ ᠮᠢᠨᠢ ᠴᠤ ᠲᠠ ᠨᠢᠭᠲᠠᠯᠠᠳᠠᠭ ᠶᠠᠪᠤᠳᠠᠯ ᠪᠣᠯᠭᠠᠨ ᠳᠤ ᠮᠢᠨᠢ ᠲᠠ ᠳᠠᠳᠤᠭᠰᠠᠨ ᠪᠠᠢᠳᠠᠭ
4 ᠬᠠᠷ᠎ᠠ᠂ ᠦᠭᠡ ᠬᠡᠯᠡ ᠳᠡᠭᠡᠷ᠎ᠡ ᠮᠢᠨᠢ ᠪᠠᠢᠬᠤ ᠳᠤ ᠶᠣᠬᠣᠸᠠ ᠲᠠ ᠪᠦᠭᠦᠳᠡ ᠶᠢ ᠮᠡᠳᠡᠳᠡᠭ
5 ᠲᠠ ᠨᠠᠮᠠᠶᠢ ᠠᠷᠤ ᠡᠮᠦᠨᠡᠭᠦᠷ ᠮᠢᠨᠢ ᠬᠦᠷᠢᠶᠡᠯᠡᠵᠦ ᠮᠢᠨᠦ ᠳᠡᠭᠡᠷ᠎ᠡ ᠮᠤᠲᠤᠷ ᠢᠶᠠᠨ ᠲᠠᠯᠪᠢᠭᠰᠠᠨ ᠪᠠᠢᠳᠠᠭ᠃
6 ᠡᠢᠮᠦ ᠮᠡᠳᠡᠯᠭᠡ ᠨᠢ ᠨᠠᠳᠠ ᠳᠤ ᠭᠠᠢᠬᠠᠮᠰᠢᠭᠲᠠᠢ᠂ ᠮᠢᠨᠦ ᠬᠦᠷᠴᠦ ᠴᠢᠳᠠᠰᠢ ᠦᠭᠡᠢ ᠥᠨᠳᠥᠷ ᠶᠤᠮ᠃
7 ᠲᠠᠨ ᠤ ᠰᠦᠨᠡᠰᠦᠨ ᠡᠴᠡ ᠪᠢ ᠬᠠᠮᠢᠭᠠᠰᠢ ᠪᠠᠨ ᠶᠠᠪᠤᠬᠤ ᠪᠤᠢ︖ ᠲᠠᠨ ᠤ ᠣᠷᠣᠰᠢᠬᠤᠢ ᠠᠴᠠ ᠪᠢ ᠬᠠᠮᠢᠭᠠᠰᠢ ᠪᠠᠨ ᠳᠤᠲᠠᠭᠠᠬᠤ ᠪᠤᠢ︖
8 ᠲᠩᠷᠢ ᠳᠤ ᠭᠠᠷᠤᠭᠰᠠᠨ ᠴᠤ ᠲᠠ ᠲᠡᠨᠳᠡ᠂ ᠦᠬᠦᠭᠰᠡᠳ ᠦᠨ ᠣᠷᠣᠨ ᠳᠤ ᠣᠷᠣ ᠪᠠᠨ ᠵᠠᠰᠠᠭᠰᠠᠨ ᠴᠤ ᠲᠠ ᠲᠡᠨᠳᠡ ᠪᠠᠢᠳᠠᠭ᠂
9 ᠦᠷ ᠦᠨ ᠭᠡᠭᠡ ᠪᠡᠷ ᠵᠢᠭᠦᠷ ᠪᠣᠯᠭᠠᠨ ᠳᠠᠯᠠᠢ ᠶᠢᠨ ᠠᠳᠠᠭ ᠲᠤ ᠰᠠᠭᠤᠭᠰᠠᠨ ᠴᠤ
10 ᠲᠠᠨ ᠤ ᠮᠤᠲᠤᠷ ᠲᠡᠨᠳᠡ ᠴᠤ ᠨᠠᠮᠠᠶᠢ ᠬᠥᠲᠥᠯᠥᠨ᠎ᠡ ᠲᠠᠨ ᠤ ᠪᠠᠷᠠᠭᠤᠨ ᠮᠤᠲᠤᠷ ᠨᠠᠮᠠᠶᠢ ᠴᠢᠩᠭ᠍᠎ᠠ ᠪᠠᠷᠢᠨ᠎ᠠ᠂
11 ᠬᠡᠳᠦᠢᠪᠡᠷ ᠪᠢ 《ᠲᠠᠰ ᠬᠠᠷᠠᠩ᠋ᠭᠤᠢ ᠨᠠᠮᠠᠶᠢ ᠨᠥᠮᠥᠷᠥᠭ ᠲᠣᠭᠣᠷᠢᠭᠰᠠᠨ ᠭᠡᠭᠡ ᠮᠢᠨᠢ ᠰᠥᠨᠢ ᠪᠣᠯᠣᠭ》 ᠭᠡᠰᠡᠨ ᠴᠤ᠂
12 ᠲᠠᠨ ᠤ ᠡᠮᠦᠨ᠎ᠡ ᠬᠠᠷᠠᠩ᠋ᠭᠤᠢ ᠨᠢ ᠴᠤ ᠬᠠᠷᠠᠩ᠋ᠭᠤᠢ ᠪᠢᠰᠢ ᠰᠥᠨᠢ ᠨᠢ ᠴᠤ ᠡᠳᠦᠷ ᠮᠡᠲᠦ ᠭᠡᠭᠡ ᠲᠠᠢ᠂ ᠭᠡᠷᠡᠯ ᠬᠠᠷᠠᠩ᠋ᠭᠤᠢ ᠨᠢ ᠠᠳᠠᠯᠢᠬᠠᠨ ᠶᠤᠮ᠃
13 ᠲᠠ ᠳᠣᠲᠣᠭᠠᠳᠤ ᠡᠷᠬᠡᠲᠡᠨ ᠢ ᠮᠢᠨᠢ ᠬᠡᠯᠪᠡᠷᠢᠵᠢᠭᠦᠯᠪᠡ ᠡᠬᠡ ᠶᠢᠨ ᠮᠢᠨᠢ ᠬᠡᠪᠡᠯᠢ ᠳᠤ ᠨᠠᠮᠠᠶᠢ ᠤᠷᠠᠯᠠᠪᠠ᠂
14 ᠰᠦᠷᠳᠡᠮᠡᠷ᠂ ᠭᠠᠢᠬᠠᠮᠰᠢᠭᠲᠠᠢ ᠪᠦᠲᠦᠭᠡᠭᠳᠡᠭᠰᠡᠨ ᠳᠡᠭᠡᠨ ᠪᠢ ᠲᠠᠨ ᠳᠤ ᠲᠠᠯᠠᠷᠬᠠᠨ᠎ᠠ ᠲᠠᠨ ᠤ ᠦᠢᠯᠡᠰ ᠭᠠᠢᠬᠠᠯᠲᠠᠢ ᠭᠡᠳᠡᠭ ᠢ ᠮᠢᠨᠦ ᠰᠦᠨᠡᠰᠦ ᠰᠠᠢᠨ ᠮᠡᠳᠡᠨ᠎ᠡ᠂
15 ᠨᠢᠭᠤᠴᠠᠬᠠᠨ ᠪᠦᠲᠦᠭᠡᠭᠳᠡᠬᠦ ᠳᠦ ᠮᠢᠨᠢ ᠭᠠᠵᠠᠷ ᠤᠨ ᠭᠦᠨ ᠳᠦ ᠤᠷᠠᠨ ᠢᠶᠠᠷ ᠪᠦᠷᠢᠯᠳᠦᠬᠦ ᠳᠦ ᠮᠢᠨᠢ ᠳᠦᠷᠰᠦ ᠮᠢᠨᠢ ᠲᠠᠨ ᠠᠴᠠ ᠳᠠᠯᠳᠠᠯᠠᠭᠳᠠᠭᠠ ᠦᠭᠡᠢ᠂
16 ᠲᠠᠨ ᠤ ᠮᠡᠯᠮᠡᠢ ᠬᠦᠪᠦᠷᠡᠯ ᠢ ᠮᠢᠨᠢ ᠦᠵᠡᠵᠡᠢ᠂ ᠨᠠᠳᠠ ᠳᠤ ᠨᠣᠭᠳᠠᠭᠰᠠᠨ ᠡᠳᠦᠷ ᠤᠳ ᠤᠨ ᠨᠢᠭᠡᠨ ᠨᠢ ᠴᠤ ᠪᠤᠢ ᠪᠣᠯᠣᠭ᠎ᠠ ᠦᠭᠡᠢ ᠪᠠᠢᠬᠤ ᠳᠤ᠂ ᠪᠦᠭᠦᠳᠡ ᠲᠠᠨ ᠤ ᠨᠣᠮ ᠳᠤ ᠪᠢᠴᠢᠭᠳᠡᠵᠡᠢ᠂
17 ᠪᠤᠷᠬᠠᠨ᠂ ᠲᠠᠨ ᠤ ᠪᠣᠳᠣᠯ ᠤᠳ ᠨᠠᠳᠠ ᠳᠤ ᠶᠠᠭᠤᠲᠠᠢ ᠨᠠᠨᠳᠢᠨ 29 ᠪᠤᠢ︕ ᠲᠣᠭ᠎ᠠ ᠨᠢ ᠶᠠᠭᠤᠲᠠᠢ ᠣᠯᠠᠨ ᠪᠤᠢ︕
18 ᠲᠣᠭᠠᠯᠠᠶᠠ ᠭᠡᠰᠡᠨ ᠴᠤ ᠡᠯᠡᠰᠦᠨ ᠡᠴᠡ ᠣᠯᠠᠨ ᠪᠢᠯᠡ᠂ ᠰᠡᠷᠢᠬᠦ ᠳᠡᠭᠡᠨ ᠴᠤ ᠪᠢ ᠲᠠᠨ ᠲᠠᠢ ᠬᠠᠮᠲᠤ ᠪᠠᠢᠨ᠎ᠠ᠃
19 ᠪᠤᠷᠬᠠᠨ ᠲᠠ ᠪᠤᠷᠤᠭᠤᠲᠠᠨ ᠢ ᠰᠥᠨᠥᠭᠡᠬᠦ ᠴᠤ ᠪᠣᠯᠣᠭᠠᠰᠠᠢ᠂ ᠴᠢᠰᠤ ᠤᠷᠤᠰᠬᠠᠭᠴᠢᠳ ᠡ᠂ ᠨᠠᠳᠠ ᠠᠴᠠ ᠵᠠᠢᠯᠠ᠃
20 ᠲᠡᠳᠡ ᠲᠠᠨ ᠢ ᠮᠠᠭᠤᠯᠠᠵᠤ ᠪᠠᠢᠨ᠎ᠠ ᠲᠠᠨ ᠤ ᠳᠠᠢᠰᠤᠨ ᠨᠤᠭᠤᠳ ᠲᠠᠨ ᠤ ᠨᠡᠷ᠎ᠡ ᠶᠢ ᠳᠡᠮᠡᠢ ᠳᠤᠷᠠᠳᠤᠳᠠᠭ᠂
21 ᠶᠣᠬᠣᠸᠠ ᠲᠠᠨ ᠢ ᠵᠢᠭ᠍ᠰᠢᠭ᠍ᠴᠢᠳ ᠢ ᠪᠢ ᠵᠢᠭᠰᠢᠬᠦ ᠦᠭᠡᠢ ᠭᠡᠵᠢ ᠤᠤ︖ ᠲᠠᠨ ᠤ ᠡᠰᠡᠷᠭᠦ ᠪᠣᠰᠣᠭᠴᠢᠳ ᠢ ᠪᠢ ᠵᠢᠪᠡᠭᠦᠴᠡᠬᠦ ᠦᠭᠡᠢ ᠭᠡᠵᠢ ᠤᠤ︖
22 ᠪᠢ ᠲᠡᠳᠡᠨ ᠢ ᠲᠤᠢᠯᠪᠤᠷᠢᠲᠠᠢ ᠪᠠᠷ ᠵᠢᠭ᠍ᠰᠢᠨ ᠵᠢᠭ᠍ᠰᠢᠳᠡᠭ᠂ ᠲᠡᠳᠡᠨ ᠢ ᠳᠠᠢᠰᠤᠨ ᠢᠶᠠᠨ ᠭᠡᠵᠦ ᠲᠣᠭᠠᠴᠠᠨ᠎ᠠ᠃
23 ᠪᠤᠷᠬᠠᠨ᠂ ᠨᠠᠮᠠᠶᠢ ᠰᠢᠯᠭᠠᠭᠠᠴᠢ᠂ ᠰᠠᠨᠠᠭ᠎ᠠ ᠶᠢ ᠮᠢᠨᠢ ᠮᠡᠳᠡᠭᠡᠴᠢ ᠨᠠᠮᠠᠶᠢ ᠨᠢᠭᠲᠠᠯᠠᠵᠤ᠂ ᠪᠣᠳᠣᠯ ᠤᠳ ᠢ ᠮᠢᠨᠢ ᠮᠡᠳᠡᠭᠡᠴᠢ
24 ᠮᠢᠨᠦ ᠳᠣᠲᠣᠷ᠎ᠠ ᠮᠠᠭᠤ ᠶᠠᠪᠤᠳᠠᠯ ᠪᠤᠢ ᠡᠰᠡᠬᠦ ᠶᠢ ᠦᠵᠡᠵᠦ ᠮᠥᠩᠬᠡ ᠶᠢᠨ ᠵᠠᠮ ᠢᠶᠠᠷ ᠨᠠᠮᠠᠶᠢ ᠤᠳᠤᠷᠢᠳᠤᠭᠠᠴᠢ᠃