1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠠ ᠶᠢᠰᠦ
 ᠪᠡᠷᠬᠡ ᠴᠠᠭ ᠤᠨ ᠭᠤᠶᠤᠯᠲᠠ
 ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠰᠠᠷᠠᠨ᠎ᠠ ᠴᠡᠴᠡᠭ》 ᠤᠨ ᠠᠶ᠎ᠠ ᠳᠡᠭᠡᠷ᠎ᠡ᠃

1 ᠪᠤᠷᠬᠠᠨ᠂ ᠨᠠᠮᠠᠶᠢ ᠠᠪᠤᠷᠠᠭᠠᠴᠢ ᠤᠰᠤ ᠮᠢᠨᠦ ᠬᠦᠵᠦᠭᠦᠨ ᠳᠦ ᠲᠤᠯᠵᠠᠢ᠃
2 ᠪᠢ ᠵᠣᠭᠰᠣᠵᠤ ᠪᠣᠯᠣᠰᠢ ᠦᠭᠡᠢ ᠭᠦᠨ ᠨᠠᠮᠤᠭ ᠲᠤ ᠵᠢᠪᠪᠦᠯ᠎ᠡ ᠭᠦᠨ ᠤᠰᠤᠨ ᠳᠤ ᠣᠷᠣᠵᠤ᠂ ᠦᠶᠡᠷ ᠲᠦ ᠠᠪᠲᠠᠯ᠎ᠠ᠃
3 ᠪᠢ ᠬᠠᠰᠬᠢᠷᠤᠭᠰᠠᠭᠠᠷ ᠪᠠᠢᠭᠠᠳ ᠶᠠᠳᠠᠷᠠᠪᠠ ᠬᠣᠭᠣᠯᠠᠢ ᠮᠢᠨᠢ ᠬᠠᠲᠠᠪᠠ ᠪᠤᠷᠬᠠᠨ ᠢᠶᠠᠨ ᠬᠦᠯᠢᠶᠡᠭᠰᠡᠭᠡᠷ ᠨᠢᠳᠦ ᠮᠢᠨᠢ ᠴᠢᠯᠡᠪᠡ᠃
4 ᠨᠠᠮᠠᠶᠢ ᠰᠢᠯᠲᠠᠭᠠᠨ ᠦᠭᠡᠢ ᠪᠠᠷ ᠦᠵᠡᠨ ᠶᠠᠳᠠᠭᠴᠢᠳ ᠲᠣᠯᠣᠭᠠᠢ ᠶᠢᠨ ᠮᠢᠨᠢ ᠦᠰᠦᠨ ᠡᠴᠡ ᠴᠤ ᠣᠯᠠᠨ᠂ ᠨᠠᠮᠠᠶᠢ ᠤᠰᠠᠳᠬᠠᠬᠤ ᠭᠡᠭᠴᠢᠳ ᠪᠢᠷ᠎ᠠ ᠲᠠᠢ᠂ ᠨᠠᠮᠠᠶᠢ ᠳᠠᠢᠰᠤᠩᠨᠠᠭᠴᠢᠳ ᠪᠠᠴᠢ ᠲᠠᠢ᠂ ᠪᠢ ᠬᠤᠯᠠᠭᠠᠢᠯᠠᠭ᠎ᠠ ᠦᠭᠡᠢ ᠵᠦᠢᠯ ᠢᠶᠠᠨ ᠴᠤ ᠪᠤᠴᠠᠭᠠᠵᠤ ᠥᠭᠬᠦ ᠶᠣᠰᠣᠲᠠᠢ ᠪᠣᠯᠵᠤ ᠪᠠᠢᠨ᠎ᠠ᠃

5 ᠪᠤᠷᠬᠠᠨ᠂ ᠮᠢᠨᠦ ᠮᠤᠩ᠋ᠬᠠᠭᠯᠠᠯ ᠢ ᠲᠠ ᠮᠡᠳᠡᠳᠡᠭ ᠮᠢᠨᠦ ᠪᠤᠷᠤᠭᠤ ᠲᠠᠨ ᠠᠴᠠ ᠨᠢᠭᠤᠭᠳᠠᠰᠢ ᠦᠭᠡᠢ᠃
6 ᠠᠤᠭ᠎ᠠ ᠬᠦᠴᠦᠲᠦ ᠡᠵᠡᠨ ᠶᠣᠬᠣᠸᠠ ᠲᠠᠨ ᠳᠤ ᠨᠠᠢᠳᠠᠭᠴᠢᠳ ᠨᠠᠳᠠ ᠠᠴᠠ ᠪᠣᠯᠵᠤ ᠢᠴᠢᠭᠦᠷᠢ ᠳᠤ ᠪᠦᠦ ᠣᠷᠣᠭ ᠢᠰᠷᠧᠯ ᠤᠨ ᠪᠤᠷᠬᠠᠨ᠂ ᠲᠠᠨ ᠢ ᠬᠠᠢᠭᠴᠢᠳ ᠨᠠᠳᠠ ᠠᠴᠠ ᠪᠣᠯᠵᠤ ᠰᠢᠪᠰᠢᠭ ᠪᠦᠦ ᠪᠣᠯᠣᠭ᠃
7 ᠤᠴᠢᠷ ᠨᠢ ᠪᠢ ᠲᠠᠨ ᠤ ᠲᠥᠯᠥᠭᠡ ᠳᠣᠷᠣᠮᠵᠢᠯᠠᠭᠤᠯᠪᠠ ᠨᠢᠭᠤᠷ ᠢ ᠮᠢᠨᠢ ᠰᠢᠪᠰᠢᠭ ᠪᠦᠷᠬᠦᠪᠡ᠃
8 ᠪᠢ ᠠᠬ᠎ᠠ ᠳᠡᠭᠦᠦᠰ ᠦᠨ ᠢᠶᠠᠨ ᠬᠤᠪᠢ ᠳᠤ ᠴᠠᠭᠠᠴᠢᠨ ᠪᠣᠯᠵᠤ ᠡᠬᠡ ᠶᠢᠨ ᠢᠶᠠᠨ ᠬᠥᠪᠡᠭᠦᠳ ᠲᠦ ᠭᠠᠳᠠᠨ᠎ᠠ ᠶᠢᠨ ᠬᠥᠮᠦᠨ ᠪᠣᠯᠪᠠ᠃
9 ᠲᠠᠨ ᠤ ᠥᠷᠭᠥᠭᠡᠨ ᠦ ᠲᠥᠯᠥᠭᠡᠬᠢ ᠬᠠᠯᠠᠭᠤᠨ ᠰᠡᠳᠬᠢᠯ ᠨᠠᠮᠠᠶᠢ ᠵᠠᠯᠭᠢᠪᠠ ᠲᠠᠨ ᠢ ᠳᠣᠷᠣᠮᠵᠢᠯᠠᠭᠴᠢᠳ ᠤᠨ ᠳᠣᠷᠣᠮᠵᠢᠯᠠᠯ ᠨᠠᠳᠠ ᠳᠤ ᠪᠠᠭᠤᠵᠠᠢ᠃
10 ᠪᠠᠴᠠᠭ ᠪᠠᠷᠢᠨ ᠤᠬᠢᠯᠠᠬᠤ ᠳᠤ ᠮᠢᠨᠢ ᠲᠡᠳᠡ ᠨᠠᠮᠠᠶᠢ ᠳᠣᠷᠣᠮᠵᠢᠯᠠᠪᠠ᠃
11 ᠲᠠᠭᠠᠷ ᠤᠨ ᠬᠤᠪᠴᠠᠰᠤ ᠡᠮᠦᠰᠬᠦ ᠳᠦ ᠮᠢᠨᠢ ᠲᠡᠳᠡ ᠨᠠᠮᠠᠶᠢ ᠳᠣᠭᠣᠭᠢᠯᠠᠪᠠ᠃
12 ᠪᠢ ᠬᠠᠭᠠᠯᠭᠠᠨ ᠤ ᠳᠡᠷᠭᠡᠳᠡ ᠰᠠᠭᠤᠭᠴᠢᠳ ᠤᠨ ᠠᠮᠠᠨ ᠤ ᠵᠤᠭ᠎ᠠ ᠪᠣᠯᠵᠤ ᠰᠣᠭᠲᠣᠭᠤᠴᠤᠳ ᠤᠨ ᠳᠠᠭᠤᠤ ᠪᠣᠯᠪᠠ᠃

13 ᠶᠣᠬᠣᠸᠠ᠂ ᠬᠠᠷᠢᠨ ᠪᠢ ᠲᠠᠨ ᠳᠤ ᠳᠠᠭᠠᠳᠬᠠᠶ᠎ᠠ᠂ ᠪᠤᠷᠬᠠᠨ᠂ ᠲᠠᠭᠠᠯᠠᠮᠵᠢᠲᠤ ᠴᠠᠭ ᠲᠠᠭᠠᠨ᠂ ᠦᠯᠡᠮᠵᠢ ᠬᠠᠢᠷ᠎ᠠ ᠪᠠᠷ ᠢᠶᠠᠨ᠂ ᠦᠨᠡᠨ ᠠᠪᠤᠷᠠᠯ ᠢᠶᠠᠷ ᠢᠶᠠᠨ ᠨᠠᠳᠠ ᠳᠤ ᠬᠠᠷᠢᠭᠤᠯᠤᠭᠠᠴᠢ᠃
14 ᠨᠠᠮᠤᠭ ᠠᠴᠠ ᠲᠠᠲᠠᠨ ᠭᠠᠷᠭᠠᠭᠠᠴᠢ᠂ ᠨᠠᠮᠠᠶᠢ ᠲᠡᠨᠳᠡ ᠪᠦᠦ ᠵᠢᠪᠪᠦᠭᠦᠯᠦᠭᠡᠴᠢ᠂ ᠨᠠᠮᠠᠶᠢ ᠥᠰᠲᠡᠨ ᠨᠦᠭᠦᠳ ᠡᠴᠡ ᠮᠢᠨᠢ᠂ ᠤᠰᠤᠨ ᠤ ᠭᠦᠨ ᠡᠴᠡ ᠭᠡᠲᠦᠯᠭᠡᠭᠡᠴᠢ᠃
15 ᠨᠠᠮᠠᠶᠢ ᠦᠶᠡᠷ ᠤᠰᠤᠨ ᠳᠤ ᠪᠦᠦ ᠠᠪᠲᠠᠭᠤᠯᠤᠭᠠᠴᠢ᠂ ᠭᠦᠨ ᠤᠰᠤ ᠨᠠᠮᠠᠶᠢ ᠪᠦᠦ ᠵᠠᠯᠭᠢᠭ ᠨᠦᠬᠡᠨ ᠦ ᠠᠮᠠ ᠮᠢᠨᠦ ᠳᠡᠭᠡᠷ᠎ᠡ ᠪᠦᠦ ᠬᠠᠮᠬᠢᠭᠳᠠᠭ᠃
16 ᠲᠠᠨ ᠤ ᠦᠨᠡᠨ ᠬᠠᠢᠷ᠎ᠠ ᠰᠠᠢᠨ᠂ ᠨᠠᠳᠠ ᠳᠤ ᠬᠠᠷᠢᠭᠤᠯᠤᠭᠠᠴᠢ᠂ ᠶᠣᠬᠣᠸᠠ᠂ ᠦᠯᠡᠮᠵᠢ ᠨᠢᠭᠦᠯᠡᠰᠦᠯ ᠢᠶᠡᠷ ᠢᠶᠠᠨ ᠨᠠᠳᠠ ᠤᠷᠤᠭᠤ ᠡᠷᠭᠢᠭᠡᠴᠢ᠂
17 ᠵᠠᠷᠤᠴᠠ ᠠᠴᠠ ᠪᠠᠨ ᠨᠢᠭᠤᠷ ᠢᠶᠠᠨ ᠪᠦᠦ ᠨᠢᠭᠤᠭᠠᠴᠢ ᠨᠠᠳᠠ ᠳᠤ ᠲᠦᠷᠭᠡᠨ ᠬᠠᠷᠢᠭᠤᠯᠤᠭᠠᠴᠢ᠂ ᠪᠢ ᠵᠣᠪᠠᠯᠠᠩ ᠳᠤᠮᠳᠠ ᠪᠠᠢᠨ᠎ᠠ᠃
18 ᠳᠥᠭᠥᠨ ᠢᠷᠡᠵᠦ ᠨᠠᠮᠠᠶᠢ ᠭᠡᠲᠦᠯᠭᠡᠵᠦ᠂ ᠳᠠᠢᠰᠤᠨ ᠨᠤᠭᠤᠳ ᠠᠴᠠ ᠨᠠᠮᠠᠶᠢ ᠵᠣᠯᠢᠭᠠᠴᠢ︕
19 ᠮᠢᠨᠦ ᠠᠮᠰᠠᠭᠰᠠᠨ ᠳᠣᠷᠣᠮᠵᠢᠯᠠᠯ᠂ ᠢᠴᠢᠭᠦᠷᠢ ᠪᠣᠯᠣᠨ ᠳᠣᠭᠣᠭᠢ ᠲᠣᠬᠣᠭᠤ ᠶᠢ ᠲᠠ ᠮᠡᠳᠡᠨ᠎ᠡ᠂ ᠮᠢᠨᠦ ᠪᠦᠬᠦ ᠳᠠᠢᠰᠤᠨ ᠲᠠᠨ ᠤ ᠡᠮᠦᠨ᠎ᠡ ᠪᠠᠢᠨ᠎ᠠ᠃

20 ᠳᠣᠷᠣᠮᠵᠢᠯᠠᠯ ᠠᠴᠠ ᠪᠣᠯᠵᠤ ᠵᠢᠷᠦᠬᠡ ᠮᠢᠨᠢ ᠡᠮᠲᠡᠷᠡᠵᠦ ᠪᠢ ᠴᠥᠬᠥᠷᠡᠭᠰᠡᠨ ᠪᠠᠢᠨ᠎ᠠ᠂ ᠥᠷᠥ ᠡᠪᠡᠳᠦᠭᠴᠢ ᠶᠢ ᠬᠠᠢᠭᠰᠠᠨ ᠴᠤ ᠠᠯᠠᠭ᠎ᠠ ᠲᠠᠢᠳᠬᠤᠷᠠᠭᠤᠯᠤᠭᠴᠢ ᠶᠢ ᠡᠷᠢᠭᠰᠡᠨ ᠴᠤ ᠣᠯᠳᠠᠬᠤ ᠦᠭᠡᠢ᠃
21 ᠲᠡᠳᠡ ᠬᠦᠨᠡᠰᠦᠨ ᠦ ᠣᠷᠣᠨ ᠳᠤ ᠨᠠᠳᠠ ᠳᠤ ᠰᠥᠰᠥ ᠥᠭᠪᠡ ᠴᠠᠩ᠋ᠭᠠᠬᠤ ᠳᠤ ᠮᠢᠨᠢ ᠼᠤᠤ ᠤᠤᠭᠤᠯᠭᠠᠪᠠ᠃

22 ᠲᠡᠳᠡᠨ ᠦ ᠡᠮᠦᠨᠡᠬᠢ ᠰᠢᠷᠡᠭᠡ ᠤᠷᠠᠬ᠎ᠠ ᠪᠣᠯᠣᠭ ᠲᠡᠳᠡᠨ ᠦ ᠠᠮᠤᠭᠤᠯᠠᠩ ᠴᠠᠯᠮ᠎ᠠ ᠪᠣᠯᠣᠭ
23 ᠨᠢᠳᠦ ᠨᠢ ᠬᠠᠷᠠᠩ᠋ᠭᠤᠢᠯᠠᠵᠤ ᠬᠠᠷᠠᠭ᠎ᠠ ᠦᠭᠡᠢ ᠪᠣᠯᠣᠭ ᠨᠢᠷᠤᠭᠤ ᠨᠢ ᠦᠷᠭᠦᠯᠵᠢ ᠴᠡᠴᠡᠷᠡᠬᠦ ᠪᠣᠯᠣᠭ
24 ᠬᠢᠯᠢᠩ ᠢᠶᠠᠨ ᠲᠡᠳᠡᠨ ᠳᠡᠭᠡᠷ᠎ᠡ ᠠᠰᠬᠠᠭᠠᠴᠢ ᠰᠢᠷᠦᠭᠦᠨ ᠠᠭᠤᠷ ᠲᠠᠨᠢ ᠲᠡᠳᠡᠨ ᠳᠦ ᠬᠥᠷᠥᠭ᠂
25 ᠣᠷᠣᠨ ᠭᠡᠷ ᠨᠢ ᠡᠵᠡᠭᠦᠢᠷᠡᠵᠦ ᠮᠠᠢᠬᠠᠨ ᠨᠤᠭᠤᠳ ᠲᠤᠨᠢ ᠰᠠᠭᠤᠬᠤ ᠬᠥᠮᠦᠨ ᠦᠭᠡᠢ ᠪᠣᠯᠣᠭ᠃
26 ᠲᠡᠳᠡ ᠲᠠᠨ ᠤ ᠭᠡᠰᠬᠡᠭᠰᠡᠨ ᠬᠥᠮᠦᠨ ᠢ ᠬᠠᠪᠴᠢᠪᠠ ᠲᠠᠨ ᠤ ᠰᠢᠷᠬᠠᠲᠤᠭᠤᠯᠤᠭᠰᠠᠨ ᠬᠥᠮᠦᠨ ᠦ ᠵᠣᠪᠠᠯᠠᠩ ᠤᠨ ᠲᠠᠯ᠎ᠠ ᠪᠠᠷ ᠶᠠᠷᠢᠯᠴᠠᠪᠠ᠃
27 ᠶᠠᠯ᠎ᠠ ᠳᠡᠭᠡᠷ᠎ᠡ ᠨᠢ ᠶᠠᠯ᠎ᠠ ᠨᠡᠮᠡᠭᠡᠴᠢ ᠠᠪᠤᠷᠠᠯ ᠳᠠᠭᠠᠨ ᠲᠡᠳᠡᠨ ᠢ ᠪᠦᠦ ᠣᠷᠣᠭᠤᠯᠤᠭᠠᠴᠢ᠃
28 ᠲᠡᠳᠡ ᠠᠮᠢ ᠶᠢᠨ ᠨᠣᠮ ᠠᠴᠠ ᠠᠷᠴᠢᠭᠳᠠᠭ ᠵᠥᠪᠲᠡᠨ ᠲᠡᠢ ᠬᠠᠮᠲᠤ ᠪᠦᠦ ᠪᠢᠴᠢᠭᠳᠡᠭ᠃

29 ᠬᠠᠷᠢᠨ ᠪᠢ ᠳᠣᠷᠣᠢ ᠪᠠᠢᠨ᠎ᠠ᠂ ᠡᠪᠡᠳᠴᠢᠲᠡᠢ ᠪᠠᠢᠨ᠎ᠠ᠂ ᠪᠤᠷᠬᠠᠨ᠂ ᠠᠪᠤᠷᠠᠯ ᠲᠠᠨᠢ ᠨᠠᠮᠠᠶᠢ ᠥᠨᠳᠥᠷ ᠲᠦ ᠡᠷᠭᠦᠬᠦ ᠪᠣᠯᠲᠤᠭᠠᠢ᠃
30 ᠪᠢ ᠪᠤᠷᠬᠠᠨ ᠤ ᠨᠡᠷ᠎ᠡ ᠶᠢ ᠳᠠᠭᠤᠤ ᠪᠠᠷ ᠮᠠᠭᠲᠠᠵᠤ ᠲᠠᠯᠠᠷᠬᠠᠯ ᠢᠶᠠᠷ ᠲᠡᠭᠦᠨ ᠢ ᠳᠡᠭᠡᠳᠦᠯᠡᠨ᠎ᠡ᠃
31 ᠢᠩᠭᠢᠬᠦ ᠨᠢ ᠶᠣᠬᠣᠸᠠ ᠳᠤ ᠦᠬᠡᠷ ᠡᠴᠡ ᠢᠯᠡᠭᠦᠦ ᠪᠡᠷ ᠡᠪᠡᠷ ᠲᠤᠭᠤᠷᠠᠢ ᠲᠠᠢ ᠪᠤᠬᠠᠨ ᠠᠴᠠ ᠢᠯᠡᠭᠦᠦ ᠪᠡᠷ ᠲᠠᠭᠠᠰᠢᠶᠠᠭᠳᠠᠨ᠎ᠠ᠃
32 ᠳᠣᠷᠣᠢ ᠬᠥᠮᠦᠰ ᠡᠭᠦᠨ ᠢ ᠬᠠᠷᠠᠭᠠᠳ ᠪᠠᠶᠠᠷᠯᠠᠨ᠎ᠠ ᠪᠤᠷᠬᠠᠨ ᠢ ᠬᠠᠢᠭᠴᠢᠳ ᠡ᠂ ᠵᠢᠷᠦᠬᠡ ᠴᠢᠨᠢ ᠰᠡᠷᠭᠦᠬᠦ ᠪᠣᠯᠲᠤᠭᠠᠢ᠃
33 ᠶᠣᠬᠣᠸᠠ ᠶᠠᠳᠠᠭᠤᠰ ᠤᠨ ᠬᠢ ᠶᠢ ᠰᠣᠨᠣᠰᠴᠤ ᠪᠠᠢᠨ᠎ᠠ ᠲᠡᠷᠡ ᠣᠯᠵᠠᠯᠠᠭᠳᠠᠭᠰᠠᠨ ᠠᠷᠠᠳ ᠲᠦᠮᠡᠨ ᠢᠶᠡᠨ ᠳᠣᠣᠷᠠᠰᠢᠶᠠᠳᠠᠭ ᠦᠭᠡᠢ᠃

34 ᠲᠩᠷᠢ ᠪᠠ ᠭᠠᠵᠠᠷ ᠳᠠᠯᠠᠢ ᠪᠠ ᠲᠡᠳᠡᠭᠡᠷ ᠦᠨ ᠳᠣᠲᠣᠷᠠᠬᠢ ᠬᠥᠳᠡᠯᠵᠦ ᠪᠤᠢ ᠪᠦᠬᠦᠨ ᠲᠡᠭᠦᠨ ᠢ ᠮᠠᠭᠲᠠᠬᠤ ᠪᠣᠯᠲᠤᠭᠠᠢ᠃
35 ᠤᠴᠢᠷ ᠨᠢ ᠪᠤᠷᠬᠠᠨ ᠽᠢᠶᠣᠨ ᠢ ᠠᠪᠤᠷᠠᠵᠤ᠂ ᠶᠦᠳᠠ ᠶᠢᠨ ᠬᠣᠲᠠ ᠨᠤᠭᠤᠳ ᠢ ᠪᠣᠰᠬᠠᠨ᠎ᠠ ᠠᠷᠠᠳ ᠲᠦᠮᠡᠨ ᠨᠢ ᠲᠡᠳᠡᠭᠡᠷ ᠢ ᠡᠵᠡᠮᠰᠢᠵᠦ ᠲᠡᠨᠳᠡ ᠰᠠᠭᠤᠷᠢᠰᠢᠬᠤ ᠪᠣᠯᠣᠨ᠎ᠠ᠃
36 ᠵᠠᠷᠤᠴᠠ ᠨᠠᠷ ᠤᠨ ᠬᠢᠨᠢ ᠦᠷ᠎ᠡ ᠤᠳᠤᠮ ᠡᠭᠦᠨ ᠢ ᠥᠪᠯᠡᠵᠦ ᠨᠡᠷ᠎ᠡ ᠶᠢ ᠨᠢ ᠬᠠᠢᠷᠠᠯᠠᠭᠴᠢᠳ ᠲᠡᠨᠳᠡ ᠰᠠᠭᠤᠷᠢᠰᠢᠬᠤ ᠪᠣᠯᠣᠨ᠎ᠠ᠃