1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠨᠠᠶᠠᠨ ᠬᠣᠶᠠᠷ
 ᠬᠠᠮᠤᠭ ᠤᠨ ᠳᠡᠭᠡᠳᠦ ᠰᠢᠭᠦᠯᠲᠡ
 ᠠᠰᠠᠹ ᠤᠨ ᠳᠠᠭᠤᠯᠠᠯ᠃

1 ᠪᠤᠷᠬᠠᠨ ᠠᠭᠤᠤ ᠴᠢᠭᠤᠯᠭᠠᠨ ᠳᠤ ᠵᠣᠭᠰᠣᠵᠤ ᠪᠠᠢᠨ᠎ᠠ᠂ 《ᠪᠤᠷᠬᠠᠳ 17 》 ᠤᠨ ᠳᠤᠮᠳᠠ ᠶᠠᠯ᠎ᠠ ᠣᠨᠣᠭᠠᠵᠤ᠂
2 《ᠬᠡᠳᠦᠢ ᠪᠣᠯᠲᠠᠯ᠎ᠠ ᠲᠠ ᠨᠠᠷ ᠰᠢᠳᠤᠷᠭᠤ ᠪᠤᠰᠤ ᠪᠠᠷ ᠶᠠᠯ᠎ᠠ ᠣᠨᠣᠭᠠᠵᠤ ᠪᠤᠷᠤᠭᠤᠲᠠᠨ ᠳᠤ ᠨᠢᠭᠤᠷ ᠲᠠᠯ᠎ᠠ ᠵᠠᠰᠠᠨ᠎ᠠ ᠪᠤᠢ︖
 
ᠰᠧᠯᠠ

3 ᠳᠣᠷᠣᠢ ᠬᠢᠭᠡᠳ ᠥᠨᠥᠴᠢᠨ ᠬᠡᠦᠬᠡᠳ ᠤᠳ ᠢ ᠥᠮᠥᠭᠯᠡ ᠶᠠᠳᠠᠭᠤᠰ ᠬᠢᠭᠡᠳ ᠳᠠᠷᠤᠯᠠᠭᠳᠠᠭᠰᠠᠳ ᠤᠨ ᠡᠷᠬᠡ ᠶᠢ ᠬᠠᠮᠠᠭᠠᠯᠠ
4 ᠳᠣᠷᠣᠢ ᠪᠣᠯᠣᠨ ᠭᠠᠴᠢᠭᠳᠠᠭᠰᠠᠳ ᠢ ᠠᠪᠤᠷᠠ ᠲᠡᠳᠡᠨ ᠢ ᠪᠤᠷᠤᠭᠤᠲᠠᠳ ᠤᠨ ᠭᠠᠷ ᠠᠴᠠ ᠴᠢᠯᠥᠭᠡᠯᠡ᠂

5 ᠲᠡᠳᠡ ᠮᠡᠳᠡᠳᠡᠭ ᠴᠤ ᠦᠭᠡᠢ᠂ ᠣᠢᠯᠠᠭᠠᠳᠠᠭ ᠴᠤ ᠦᠭᠡᠢ ᠬᠠᠷᠠᠩ᠋ᠭᠤᠢ ᠳᠤ ᠶᠠᠪᠤᠭᠰᠠᠭᠠᠷ ᠪᠠᠢᠨ᠎ᠠ᠂ ᠭᠠᠵᠠᠷ ᠤᠨ ᠪᠦᠬᠦ ᠰᠠᠭᠤᠷᠢ ᠭᠠᠩ᠋ᠬᠤᠵᠤ ᠪᠠᠢᠨ᠎ᠠ᠃
6 ᠪᠢ ᠲᠠ ᠨᠠᠷ ᠢ 〈ᠪᠤᠷᠬᠠᠳ〉᠂ ᠲᠠ ᠪᠦᠭᠦᠳᠡ ᠶᠢ 〈ᠬᠠᠮᠤᠭ ᠤᠨ ᠳᠡᠭᠡᠳᠦ ᠶᠢᠨ ᠬᠥᠪᠡᠭᠦᠳ〉 ᠭᠡᠵᠦ ᠬᠡᠯᠡᠭᠰᠡᠨ ᠪᠣᠯᠪᠠᠴᠤ
7 ᠲᠠ ᠨᠠᠷ ᠬᠥᠮᠦᠨ ᠰᠢᠭ ᠦᠬᠦᠨ᠎ᠡ ᠵᠠᠬᠢᠷᠤᠭᠴᠢᠳ ᠤᠨ ᠨᠢᠭᠡ ᠲᠠᠢ ᠠᠳᠠᠯᠢ ᠤᠨᠠᠬᠤ ᠪᠣᠯᠣᠨ᠎ᠠ》 ᠭᠡᠪᠡ᠃
8 ᠪᠤᠷᠬᠠᠨ᠂ ᠪᠣᠰᠣᠭᠠᠴᠢ᠂ ᠳᠡᠯᠡᠬᠡᠢ ᠶᠢ ᠰᠢᠭᠦᠭᠡᠴᠢ︕ ᠪᠦᠬᠦ ᠦᠨᠳᠦᠰᠦᠲᠡᠨ ᠢ ᠡᠵᠡᠮᠰᠢᠭ᠍ᠴᠢ ᠨᠢ ᠲᠠ ᠶᠤᠮ᠃