ᠳᠠᠭᠤᠯᠠᠯ ᠳᠠᠯ᠎ᠠ
ᠵᠣᠪᠠᠭᠠᠭᠴᠢ ᠡᠴᠡ ᠴᠢᠯᠥᠭᠡᠯᠡᠭᠡᠴᠢ
ᠳ᠋ᠠᠸᠢᠳ᠋ ᠤᠨ ᠳᠤᠷᠠᠰᠬᠠᠯ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠪᠤᠷᠬᠠᠨ᠂ ᠨᠠᠮᠠᠶᠢ ᠠᠪᠤᠷᠠᠬᠤ ᠪᠠᠷ ᠶᠣᠬᠣᠸᠠ᠂ ᠨᠠᠳᠠ ᠳᠤ ᠲᠤᠰᠠᠯᠠᠬᠤ ᠪᠠᠷ ᠲᠦᠷᠭᠡᠯᠡᠭᠡᠴᠢ᠃
2 ᠠᠮᠢ ᠶᠢ ᠮᠢᠨᠢ ᠠᠪᠬᠤ ᠪᠠᠷ ᠬᠠᠢᠭᠴᠢᠳ ᠢᠴᠢᠵᠦ ᠭᠤᠲᠤᠭ ᠰᠦᠢᠷᠡᠯ ᠢ ᠮᠢᠨᠢ ᠬᠦᠰᠡᠭᠴᠢᠳ ᠰᠢᠪᠰᠢᠭ ᠪᠣᠯᠵᠤ ᠤᠬᠤᠷᠢᠭ᠃
3 ᠨᠠᠳᠠ ᠳᠤ 《ᠬᠠ᠂ ᠬᠠ》 ᠭᠡᠭᠴᠢᠳ ᠢᠴᠢᠭᠦᠷᠢ ᠪᠣᠯᠵᠤ ᠪᠤᠴᠠᠭ᠃
4 ᠬᠠᠷᠢᠨ ᠲᠠᠨ ᠢ ᠬᠠᠢᠭᠴᠢᠳ ᠨᠢ ᠪᠦᠭᠦᠳᠡᠭᠡᠷ ᠢᠶᠡᠨ ᠲᠠᠨ ᠤ ᠳᠣᠲᠣᠷ᠎ᠠ ᠪᠠᠶᠠᠷᠯᠠᠨ ᠪᠠᠶᠠᠰᠤᠭ ᠲᠠᠨ ᠤ ᠠᠪᠤᠷᠠᠯ ᠢ ᠬᠠᠢᠷᠠᠯᠠᠭᠰᠠᠳ ᠴᠠᠭ ᠦᠷᠭᠦᠯᠵᠢ 《ᠪᠤᠷᠬᠠᠨ ᠠᠭᠤᠤ》 ᠭᠡᠯᠴᠡᠭ᠃
5 ᠬᠠᠷᠢᠨ ᠪᠢ ᠶᠠᠳᠠᠭᠤ ᠪᠠᠢᠨ᠎ᠠ᠂ ᠳᠣᠷᠣᠢ ᠪᠠᠢᠨ᠎ᠠ᠂ ᠪᠤᠷᠬᠠᠨ᠂ ᠨᠠᠳᠠ ᠤᠷᠤᠭᠤ ᠬᠤᠷᠳᠤᠨ ᠢᠷᠡᠭᠡᠴᠢ ᠮᠢᠨᠦ ᠲᠤᠰᠠᠯᠠᠮᠵᠢ᠂ ᠮᠢᠨᠦ ᠠᠪᠤᠷᠠᠭᠴᠢ ᠶᠣᠬᠣᠸᠠ ᠲᠠ ᠪᠦᠦ ᠰᠠᠭᠠᠲᠠᠭᠠᠴᠢ᠃