ᠳᠠᠭᠤᠯᠠᠯ ᠠᠷᠪᠠ ᠶᠢᠰᠦ
ᠪᠦᠲᠦᠭᠡᠯ ᠤᠳ ᠤᠨ ᠭᠡᠷᠡᠴᠢᠯᠡᠯ ᠬᠢᠭᠡᠳ ᠪᠤᠷᠬᠠᠨ ᠤ ᠬᠠᠤᠯᠢ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠪᠤᠷᠬᠠᠨ ᠤ ᠰᠦᠷ ᠵᠢᠪᠬᠤᠯᠠᠩ ᠢ ᠲᠩᠷᠢ ᠥᠭᠦᠯᠡᠵᠦ ᠮᠤᠲᠤᠷ ᠤᠨ ᠬᠢᠨᠢ ᠪᠦᠲᠦᠭᠡᠯ ᠢ ᠣᠭᠲᠠᠷᠭᠤᠢ ᠲᠤᠩ᠋ᠬᠠᠭᠯᠠᠵᠤ ᠪᠠᠢᠨ᠎ᠠ᠂
2 ᠡᠳᠦᠷ ᠡᠴᠡ ᠡᠳᠦᠷ ᠲᠦ ᠦᠭᠡ ᠶᠢ ᠤᠷᠤᠰᠬᠠᠵᠤ ᠰᠥᠨᠢ ᠡᠴᠡ ᠰᠥᠨᠢ ᠳᠤ ᠮᠡᠳᠡᠯᠭᠡ ᠶᠢ ᠢᠯᠡᠷᠬᠡᠶᠢᠯᠡᠭᠰᠡᠭᠡᠷ
3 ᠦᠭᠡ ᠴᠤ ᠦᠭᠡᠢ᠂ ᠶᠠᠷᠢᠶ᠎ᠠ ᠴᠤ ᠦᠭᠡᠢ ᠰᠣᠨᠣᠰᠳᠠᠬᠤ ᠳᠠᠭᠤ ᠴᠤ ᠠᠯᠠᠭ᠎ᠠ ᠪᠣᠯᠪᠠᠴᠤ
4 ᠳᠠᠭᠤ ᠨᠢ ᠪᠦᠬᠦ ᠭᠠᠵᠠᠷ ᠲᠤ ᠦᠭᠡᠰ ᠨᠢ ᠳᠡᠯᠡᠬᠡᠢ ᠶᠢᠨ ᠬᠢᠵᠠᠭᠠᠷ ᠲᠤ ᠬᠦᠷᠦᠭᠰᠡᠨ ᠪᠤᠷᠬᠠᠨ ᠨᠠᠷᠠᠨ ᠳᠤ ᠵᠣᠷᠢᠭᠤᠯᠵᠤ ᠲᠩᠷᠢ ᠳᠤ ᠮᠠᠢᠬᠠᠨ ᠪᠠᠷᠢᠵᠠᠢ᠃
5 ᠨᠠᠷᠠ ᠮᠠᠨᠳᠤᠬᠤ ᠨᠢ ᠰᠢᠨ᠎ᠡ ᠬᠦᠷᠭᠡᠨ ᠥᠷᠥᠭᠡᠨ ᠡᠴᠡ ᠪᠡᠨ ᠭᠠᠷᠬᠤ ᠮᠡᠲᠦ ᠪᠠᠭᠠᠲᠤᠷ ᠡᠷ᠎ᠡ ᠵᠠᠮ ᠢᠶᠠᠷ ᠢᠶᠠᠨ ᠳᠤᠷᠠᠲᠠᠶ᠎ᠠ ᠭᠦᠶᠦᠬᠦ ᠮᠡᠲᠦ
6 ᠲᠩᠷᠢ ᠶᠢᠨ ᠨᠢᠭᠡ ᠵᠠᠬ᠎ᠠ ᠠᠴᠠ ᠮᠠᠨᠳᠤᠭᠠᠳ ᠨᠥᠭᠥᠭᠡ ᠵᠠᠬ᠎ᠠ ᠬᠦᠷᠲᠡᠯ᠎ᠡ ᠲᠣᠭᠣᠷᠢᠳᠠᠭ ᠲᠡᠭᠦᠨ ᠦ ᠢᠯᠴᠢ ᠡᠴᠡ ᠨᠢᠭᠤᠭᠳᠠᠬᠤ ᠶᠠᠭᠤᠮ᠎ᠠ ᠠᠯᠠᠭ᠎ᠠ᠃
7 ᠶᠣᠬᠣᠸᠠ ᠶᠢᠨ ᠬᠠᠤᠯᠢ ᠲᠡᠭᠦᠰ᠂ ᠰᠡᠳᠬᠢᠯ ᠢ ᠰᠡᠷᠭᠦᠭᠡᠳᠡᠭ ᠶᠣᠬᠣᠸᠠ ᠶᠢᠨ ᠵᠠᠷᠴᠢᠮ ᠢᠲᠡᠭᠡᠮᠵᠢᠲᠡᠢ᠂ ᠭᠡᠨᠡᠨ ᠢ ᠮᠡᠷᠭᠡᠨ ᠪᠣᠯᠭᠠᠳᠠᠭ
8 ᠶᠣᠬᠣᠸᠠ ᠶᠢᠨ ᠵᠢᠷᠤᠮ ᠰᠢᠳᠤᠷᠭᠤ᠂ ᠵᠢᠷᠦᠬᠡ ᠶᠢ ᠵᠢᠷᠭᠠᠭᠤᠯᠳᠠᠭ ᠶᠣᠬᠣᠸᠠ ᠶᠢᠨ ᠲᠤᠰᠢᠶᠠᠯ ᠲᠤᠩ᠋ᠭᠠᠯᠠᠭ᠂ ᠨᠢᠳᠦ ᠶᠢ ᠭᠡᠷᠡᠯᠲᠦᠭᠦᠯᠳᠡᠭ᠌
9 ᠶᠣᠬᠣᠸᠠ ᠶᠢᠨ ᠡᠮᠢᠶᠡᠯᠭᠡᠬᠦᠢ ᠴᠡᠪᠡᠷ᠂ ᠮᠥᠩᠬᠡᠳᠡ ᠣᠷᠣᠰᠢᠳᠠᠭ ᠶᠣᠬᠣᠸᠠ ᠶᠢᠨ ᠰᠢᠢᠳᠪᠦᠷᠢ ᠦᠨᠡᠨ ᠲᠡᠳᠡ ᠪᠦᠭᠦᠳᠡᠭᠡᠷ ᠢᠶᠡᠨ ᠵᠥᠪ᠃
10 ᠲᠡᠳᠡᠭᠡᠷ ᠨᠢ ᠠᠯᠲᠠ ᠠᠴᠠ᠂ ᠦᠯᠡᠮᠵᠢ ᠰᠢᠵᠢᠷ ᠠᠯᠲᠠ ᠠᠴᠠ ᠬᠦᠰᠡᠭᠦᠰᠢᠲᠡᠢ ᠵᠥᠭᠡᠢ ᠶᠢᠨ ᠪᠠᠯ᠂ ᠵᠥᠭᠡᠢ ᠶᠢᠨ ᠰᠠᠷᠬᠢᠨᠠᠭ ᠠᠴᠠ ᠠᠮᠲᠠᠲᠠᠢ᠂
11 ᠲᠠᠨ ᠤ ᠵᠠᠷᠤᠴᠠ ᠴᠤ ᠲᠡᠳᠡᠭᠡᠷ ᠢᠶᠡᠷ ᠰᠠᠨᠠᠭᠤᠯᠭ᠎ᠠ ᠠᠪᠳᠠᠭ ᠲᠡᠳᠡᠭᠡᠷ ᠢ ᠰᠠᠬᠢᠪᠠᠯ ᠶᠡᠬᠡ ᠱᠠᠩᠨᠠᠯ ᠪᠤᠢ᠃
12 ᠥᠪᠡᠷ ᠦᠨ ᠢᠶᠠᠨ ᠪᠤᠷᠤᠭᠤ ᠶᠢ ᠬᠡᠨ ᠤᠬᠠᠭᠠᠷᠠᠨ᠎ᠠ ᠪᠤᠢ︖ ᠨᠠᠮᠠᠶᠢ ᠳᠠᠯᠳᠠ ᠪᠤᠷᠤᠭᠤ ᠨᠤᠭᠤᠳ ᠠᠴᠠ ᠮᠢᠨᠢ ᠴᠡᠪᠡᠷᠯᠡᠭᠡᠴᠢ᠃
13 ᠮᠥᠨ ᠵᠠᠷᠤᠴᠠ ᠪᠠᠨ ᠰᠠᠨᠠᠭ᠎ᠠ ᠲᠠᠢ ᠨᠢᠭᠦᠯ ᠡᠴᠡ ᠬᠠᠮᠠᠭᠠᠯᠠᠭᠠᠴᠢ ᠲᠡᠳᠡᠨ ᠢᠶᠡᠷ ᠨᠠᠮᠠᠶᠢ ᠪᠦᠦ ᠵᠠᠬᠢᠷᠤᠭᠤᠯᠤᠭᠠᠴᠢ ᠲᠡᠭᠡᠪᠡᠯ ᠪᠢ ᠪᠤᠷᠤᠭᠤ ᠦᠭᠡᠢ ᠪᠠᠢᠵᠤ ᠶᠡᠬᠡ ᠨᠢᠭᠦᠯ ᠡᠴᠡ ᠴᠡᠪᠡᠷᠯᠡᠭᠳᠡᠨᠡ᠃
14 ᠮᠢᠨᠦ ᠬᠠᠳᠠ᠂ ᠨᠠᠮᠠᠶᠢ ᠵᠣᠯᠢᠨ ᠠᠪᠤᠭᠴᠢ ᠶᠣᠬᠣᠸᠠ᠂ ᠠᠮᠠᠨ ᠤ ᠮᠢᠨᠢ ᠶᠠᠷᠢᠶ᠎ᠠ᠂ ᠵᠢᠷᠦᠬᠡᠨ ᠦ ᠮᠢᠨᠢ ᠪᠢᠰᠢᠯᠭᠠᠯ ᠤᠳ ᠲᠠᠨ ᠤ ᠮᠡᠯᠮᠡᠢ ᠳᠦ ᠲᠠᠭᠠᠯᠠᠮᠵᠢᠲᠠᠢ ᠪᠠᠢᠬᠤ ᠪᠣᠯᠲᠤᠭᠠᠢ︕