ᠳᠠᠭᠤᠯᠠᠯ ᠬᠣᠷᠢᠨ ᠲᠠᠪᠤ
ᠥᠷᠥᠰᠢᠶᠡᠭᠡᠴᠢ᠂ ᠤᠳᠤᠷᠢᠳᠤᠭᠠᠴᠢ
ᠳ᠋ᠠᠸᠢᠳ᠋ ᠤᠨ ᠳᠠᠭᠤᠯᠠᠯ᠃
1 ᠶᠣᠬᠣᠸᠠ᠂ ᠲᠠᠨ ᠥᠭᠡᠳᠡ ᠪᠢ ᠰᠦᠨᠡᠰᠦ ᠪᠡᠨ ᠡᠷᠭᠦᠶ᠎ᠡ 8 ᠃
2 ᠪᠤᠷᠬᠠᠨ ᠮᠢᠨᠢ᠂ ᠪᠢ ᠲᠠᠨ ᠳᠤ ᠢᠲᠡᠭᠡᠳᠡᠭ ᠨᠠᠮᠠᠶᠢ ᠢᠴᠢᠭᠦᠷᠢ ᠳᠤ ᠪᠦᠦ ᠣᠷᠣᠭᠤᠯᠤᠭᠠᠴᠢ ᠨᠠᠳᠠ ᠠᠴᠠ ᠪᠣᠯᠵᠤ ᠳᠠᠢᠰᠤᠨ ᠨᠤᠭᠤᠳ ᠪᠠᠶᠠᠷᠯᠠᠭᠤᠵᠠᠢ᠃
3 ᠦᠨᠡᠨ ᠳᠡᠭᠡᠨ ᠲᠠᠨ ᠳᠤ ᠨᠠᠢᠳᠠᠳᠠᠭ ᠬᠡᠨ ᠴᠤ ᠢᠴᠢᠭᠦᠷᠢ ᠳᠤ ᠣᠷᠣᠬᠤ ᠦᠭᠡᠢ ᠰᠢᠯᠲᠠᠭᠠᠨ ᠦᠭᠡᠢ ᠪᠠᠷ ᠢᠲᠡᠭᠡᠯ ᠠᠯᠳᠠᠭᠴᠢᠳ ᠢᠴᠢᠭᠦᠷᠢ ᠳᠤ ᠣᠷᠣᠨ᠎ᠠ᠃
4 ᠶᠣᠬᠣᠸᠠ᠂ ᠥᠪᠡᠷ ᠦᠨ ᠢᠶᠠᠨ ᠵᠠᠮ ᠢ ᠨᠠᠳᠠ ᠳᠤ ᠮᠡᠳᠡᠭᠦᠯᠦᠭᠡᠴᠢ ᠵᠢᠮ ᠢᠶᠠᠨ ᠨᠠᠳᠠ ᠳᠤ ᠵᠢᠭᠠᠭᠠᠴᠢ
5 ᠦᠨᠡᠨ ᠢᠶᠡᠷ ᠢᠶᠠᠨ ᠨᠠᠮᠠᠶᠢ ᠵᠠᠮᠴᠢᠯᠠᠵᠤ᠂ ᠨᠠᠮᠠᠶᠢ ᠰᠤᠷᠭᠠᠭᠠᠴᠢ᠂ ᠤᠴᠢᠷ ᠨᠢ ᠲᠠ ᠪᠣᠯ ᠮᠢᠨᠦ ᠠᠪᠤᠷᠠᠯ ᠤᠨ ᠪᠤᠷᠬᠠᠨ ᠲᠠᠨ ᠳᠤ ᠯᠠ ᠪᠢ ᠪᠦᠬᠦᠯᠢ ᠡᠳᠦᠷᠵᠢᠨ ᠨᠠᠢᠳᠠᠳᠠᠭ᠃
6 ᠶᠣᠬᠣᠸᠠ᠂ ᠥᠨᠢ ᠡᠷᠲᠡ ᠡᠴᠡ ᠪᠠᠢᠭᠰᠠᠨ ᠥᠷᠥᠰᠢᠶᠡᠯ ᠪᠠ ᠦᠨᠡᠨ ᠬᠠᠢᠷ᠎ᠠ ᠪᠠᠨ ᠰᠠᠨᠠᠭᠠᠴᠢ᠂
7 ᠵᠠᠯᠠᠭᠤ ᠨᠠᠰᠤᠨ ᠤ ᠮᠢᠨᠢ ᠨᠢᠭᠦᠯ ᠪᠠ ᠬᠢᠯᠢᠨᠴᠡ ᠶᠢ ᠪᠦᠦ ᠰᠠᠨᠠᠭᠠᠴᠢ᠂ ᠶᠣᠬᠣᠸᠠ ᠡ᠂ ᠰᠠᠢᠨ ᠤ ᠪᠠᠨ ᠤᠯᠠᠮ ᠢᠶᠠᠷ ᠡᠨᠡᠷᠢᠯ ᠤᠨ ᠢᠶᠠᠨ ᠳᠠᠭᠠᠤ ᠨᠠᠮᠠᠶᠢ ᠰᠠᠨᠠᠭᠠᠴᠢ᠃
8 ᠶᠣᠬᠣᠸᠠ ᠰᠠᠢᠨ ᠰᠠᠢᠬᠠᠨ᠂ ᠰᠢᠯᠤᠭᠤᠨ ᠰᠢᠳᠤᠷᠭᠤ ᠪᠣᠯᠬᠣᠷ ᠨᠢᠭᠦᠯᠲᠡᠳ ᠲᠦ ᠴᠤ ᠵᠠᠮ ᠢ ᠦᠵᠡᠭᠦᠯᠳᠡᠭ᠂
9 ᠬᠠᠷᠢᠨ ᠳᠠᠷᠤᠤ ᠬᠥᠮᠦᠨ ᠢ ᠰᠢᠳᠤᠷᠭᠤ ᠪᠠᠷ ᠵᠠᠮᠴᠢᠯᠠᠵᠤ ᠳᠠᠷᠤᠤ ᠬᠥᠮᠦᠨ ᠳᠦ ᠵᠠᠮ ᠢᠶᠠᠨ ᠵᠢᠭᠠᠨ᠎ᠠ᠃
10 ᠶᠣᠬᠣᠸᠠ ᠶᠢᠨ ᠭᠡᠷ᠎ᠡ ᠪᠠ ᠵᠠᠷᠴᠢᠮ ᠢ ᠰᠠᠬᠢᠭᠴᠢᠳ ᠲᠤ ᠶᠣᠬᠣᠸᠠ ᠶᠢᠨ ᠪᠦᠬᠦ ᠵᠠᠮ ᠡᠨᠡᠷᠢᠯ ᠲᠠᠢ᠂ ᠢᠲᠡᠭᠡᠮᠵᠢᠲᠠᠢ᠃
11 ᠮᠢᠨᠦ ᠨᠢᠭᠦᠯ ᠶᠡᠬᠡ ᠪᠠᠢᠨ᠎ᠠ᠂ ᠶᠣᠬᠣᠸᠠ ᠡ᠂ ᠨᠡᠷ᠎ᠡ ᠶᠢᠨ ᠢᠶᠠᠨ ᠲᠥᠯᠥᠭᠡ ᠠᠭᠤᠴᠢᠯᠠᠨ᠎ᠠ ᠤᠤ︖
12 ᠶᠣᠬᠣᠸᠠ ᠠᠴᠠ ᠡᠮᠢᠶᠡᠳᠡᠭ ᠬᠥᠮᠦᠨ ᠬᠡᠨ ᠶᠤᠮ ᠪᠤᠢ︖ ᠶᠣᠬᠣᠸᠠ ᠲᠡᠭᠦᠨ ᠳᠦ ᠰᠣᠩ᠋ᠭᠣᠬᠤ ᠵᠠᠮ ᠢ ᠨᠢ ᠵᠢᠭᠠᠬᠤ ᠪᠣᠯᠣᠨ᠎ᠠ
13 ᠰᠡᠳᠬᠢᠯ ᠨᠢ ᠰᠠᠢᠨ ᠰᠠᠢᠬᠠᠨ ᠳᠣᠲᠣᠷ᠎ᠠ ᠣᠷᠣᠰᠢᠵᠤ ᠦᠷ᠎ᠡ ᠤᠳᠤᠮ ᠨᠢ ᠭᠠᠵᠠᠷ ᠢ ᠥᠪᠯᠡᠬᠦ ᠪᠣᠯᠣᠨ᠎ᠠ᠃
14 ᠶᠣᠬᠣᠸᠠ ᠶᠢᠨ ᠵᠥᠪᠯᠡᠯᠭᠡ 9 ᠥᠪᠡᠷ ᠡᠴᠡ ᠨᠢ ᠡᠮᠢᠶᠡᠭᠴᠢᠳ ᠲᠠᠢ ᠬᠠᠮᠲᠤ ᠪᠠᠢᠵᠤ ᠶᠣᠬᠣᠸᠠ ᠲᠡᠳᠡᠨ ᠳᠦ ᠥᠪᠡᠷ ᠦᠨ ᠢᠶᠠᠨ ᠭᠡᠷ᠎ᠡ ᠶᠢ ᠮᠡᠳᠡᠭᠦᠯᠦᠨ᠎ᠡ᠃
15 ᠨᠢᠳᠦ ᠮᠢᠨᠢ ᠦᠷᠭᠦᠯᠵᠢ ᠶᠣᠬᠣᠸᠠ ᠥᠭᠡᠳᠡ ᠪᠠᠢᠳᠠᠭ ᠬᠥᠯ ᠢ ᠮᠢᠨᠢ ᠲᠡᠷᠡ ᠤᠷᠠᠬᠠᠨ ᠠᠴᠠ ᠭᠠᠷᠭᠠᠳᠠᠭ᠃
16 ᠨᠠᠳᠠ ᠤᠷᠤᠭᠤ ᠡᠷᠭᠢᠵᠦ᠂ ᠨᠠᠮᠠᠶᠢ ᠡᠨᠡᠷᠢᠭᠡᠴᠢ ᠪᠢ ᠭᠠᠭᠴᠠᠭᠠᠷᠳᠠᠨ ᠵᠣᠪᠠᠪᠠ᠃
17 ᠰᠡᠳᠬᠢᠯ ᠤᠨ ᠮᠢᠨᠢ ᠵᠣᠪᠠᠨᠢᠯ ᠨᠡᠮᠡᠭᠳᠡᠪᠡ ᠵᠣᠪᠠᠭᠤᠷᠢ ᠡᠴᠡ ᠮᠢᠨᠢ ᠨᠠᠮᠠᠶᠢ ᠭᠠᠷᠭᠠᠭᠠᠴᠢ᠃
18 ᠵᠣᠪᠠᠯᠠᠩ ᠪᠠ ᠵᠦᠳᠡᠷᠡᠯ ᠢ ᠮᠢᠨᠢ ᠬᠠᠷᠠᠵᠤ ᠬᠠᠮᠤᠭ ᠨᠢᠭᠦᠯ ᠢ ᠮᠢᠨᠢ ᠠᠭᠤᠴᠢᠯᠠᠭᠠᠴᠢ᠃
19 ᠳᠠᠢᠰᠤᠨ ᠨᠤᠭᠤᠳ ᠢ ᠮᠢᠨᠢ ᠬᠠᠷᠠᠭᠠᠴᠢ ᠲᠡᠳᠡ ᠣᠯᠠᠭᠤᠯᠠ ᠪᠠᠨ ᠨᠠᠮᠠᠶᠢ ᠦᠨᠡᠬᠡᠷ ᠵᠢᠭ᠍ᠰᠢᠨ ᠵᠢᠭ᠍ᠰᠢᠳᠡᠭ᠂
20 ᠠᠮᠢ ᠶᠢ ᠮᠢᠨᠢ ᠬᠠᠮᠠᠭᠠᠯᠠᠵᠤ᠂ ᠨᠠᠮᠠᠶᠢ ᠭᠡᠲᠦᠯᠭᠡᠭᠡᠴᠢ ᠪᠢ ᠲᠠᠨ ᠤ ᠳᠣᠲᠣᠷ᠎ᠠ ᠬᠣᠷᠭᠣᠳᠠᠳᠠᠭ ᠨᠠᠮᠠᠶᠢ ᠢᠴᠢᠭᠦᠷᠢ ᠳᠤ ᠪᠦᠦ ᠣᠷᠣᠭᠤᠯᠤᠭᠠᠴᠢ᠃
21 ᠪᠢ ᠲᠠᠨ ᠳᠤ ᠨᠠᠢᠳᠠᠳᠠᠭ ᠲᠡᠭᠦᠰ ᠴᠢᠭ᠍ᠴᠢ ᠪᠠᠢᠳᠠᠯ ᠢᠶᠠᠷ ᠨᠠᠮᠠᠶᠢ ᠬᠠᠮᠠᠭᠠᠯᠠᠭᠠᠴᠢ᠃
22 ᠪᠤᠷᠬᠠᠨ ᠡ᠂ ᠢᠰᠷᠧᠯ ᠢ ᠪᠦᠬᠦ ᠵᠣᠪᠠᠯᠠᠩ ᠠᠴᠠ ᠨᠢ ᠵᠣᠯᠢᠨ ᠠᠪᠤᠭᠠᠴᠢ︕