1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠭᠤᠴᠢᠨ ᠳᠣᠯᠣᠭ᠎ᠠ
 ᠴᠥᠯᠡᠭᠳᠡᠭᠰᠡᠳ ᠦᠨ ᠳᠠᠭᠤᠯᠠᠯ
1 ᠪᠠᠪᠢᠯᠣᠨ ᠤ ᠭᠣᠣᠯ ᠮᠥᠷᠡᠨ ᠦ ᠳᠡᠷᠭᠡᠳᠡ ᠪᠢᠳᠡ ᠰᠠᠭᠤᠭᠠᠳ ᠽᠢᠶᠣᠨ ᠢ ᠰᠠᠨᠠᠨ ᠤᠬᠢᠯᠠᠵᠠᠭᠠᠭᠰᠠᠨ᠃
2 ᠪᠢᠳᠡ ᠲᠡᠨᠳᠡ ᠶᠠᠲᠤᠭ᠎ᠠ ᠨᠤᠭᠤᠳ ᠢᠶᠠᠨ ᠤᠳᠠ ᠮᠣᠳᠣᠨ ᠳᠤ ᠡᠯᠭᠦᠬᠦ ᠳᠦ᠂
3 ᠪᠢᠳᠡᠨ ᠢ ᠣᠯᠵᠠᠯᠠᠭᠴᠢᠳ ᠳᠠᠭᠤᠤ ᠱᠠᠭᠠᠷᠳᠠᠨ ᠪᠢᠳᠡᠨ ᠢ ᠵᠣᠪᠠᠭᠠᠭᠴᠢᠳ ᠵᠤᠭ᠎ᠠ ᠨᠡᠬᠡᠨ 《ᠪᠢᠳᠡᠨ ᠳᠦ ᠽᠢᠶᠣᠨ ᠤ ᠳᠠᠭᠤᠤ ᠠᠴᠠ ᠳᠠᠭᠤᠯᠠᠵᠤ ᠥᠭ》 ᠭᠡᠰᠡᠨ᠃

4 ᠬᠠᠷᠢ ᠨᠤᠲᠤᠭ ᠲᠤ ᠶᠣᠬᠣᠸᠠ ᠶᠢᠨ ᠳᠠᠭᠤᠤ ᠶᠢ ᠪᠢᠳᠡ ᠬᠡᠷᠬᠢᠨ ᠳᠠᠭᠤᠯᠠᠬᠤ ᠪᠤᠢ︖
5 ᠶᠧᠷᠦ᠋ᠰᠠᠯᠧᠮ ᠡ᠂ ᠪᠢ ᠴᠢᠮᠠᠶᠢ ᠮᠠᠷᠲᠠᠬᠤ ᠶᠤᠮ ᠪᠣᠯ ᠪᠠᠷᠠᠭᠤᠨ ᠭᠠᠷ ᠮᠢᠨᠢ ᠴᠢᠳᠠᠪᠤᠷᠢ ᠪᠠᠨ ᠮᠠᠷᠲᠠᠭ᠂
6 ᠪᠢ ᠴᠢᠮᠠᠶᠢ ᠰᠠᠨᠠᠬᠤ ᠦᠭᠡᠢ ᠶᠤᠮ ᠪᠣᠯ ᠬᠠᠮᠤᠭ ᠤᠨ ᠶᠡᠬᠡ ᠲᠠᠭᠠᠯᠠᠳᠠᠭ ᠵᠦᠢᠯ ᠡᠴᠡ ᠪᠡᠨ ᠢᠯᠡᠭᠦᠦ ᠪᠡᠷ ᠶᠧᠷᠦ᠋ᠰᠠᠯᠧᠮ ᠢ ᠡᠷᠭᠦᠮᠵᠢᠯᠡᠬᠦ ᠦᠭᠡᠢ ᠶᠤᠮ ᠪᠣᠯ ᠬᠡᠯᠡ ᠮᠢᠨᠢ ᠲᠠᠩᠨᠠᠢ ᠳᠠᠭᠠᠨ ᠨᠠᠭᠠᠯᠳᠤᠭ᠂

7 ᠶᠣᠬᠣᠸᠠ ᠡ᠂ ᠶᠧᠷᠦ᠋ᠰᠠᠯᠧᠮ ᠢ ᠨᠤᠷᠠᠭᠠᠬᠤ ᠡᠳᠦᠷ 《ᠲᠡᠭᠦᠨ ᠢ ᠪᠠᠭᠤᠯᠭ᠎ᠠ 28 ᠂ ᠰᠠᠭᠤᠷᠢ ᠳᠤᠨᠢ ᠬᠦᠷᠲᠡᠯ᠎ᠡ ᠪᠠᠭᠤᠯᠭ᠎ᠠ》 ᠭᠡᠰᠡᠨ ᠡᠳᠣᠮᠴᠤᠳ ᠢ ᠰᠠᠨᠠᠭᠠᠴᠢ᠂
8 ᠰᠦᠢᠷᠡᠬᠦ ᠪᠠᠪᠢᠯᠣᠨ ᠥᠬᠢᠨ ᠡ ᠪᠢᠳᠡᠨ ᠳᠦ ᠦᠢᠯᠡᠳᠦᠭᠰᠡᠨ ᠦ ᠴᠢᠨᠢ ᠳᠠᠭᠠᠤ ᠴᠢᠮ᠎ᠠ ᠳᠤ ᠬᠠᠷᠢᠭᠤᠯᠤᠭᠴᠢ ᠨᠢ ᠠᠵᠠ ᠲᠠᠢ︕
9 ᠪᠠᠭᠠᠴᠤᠳ ᠢ ᠴᠢᠨᠢ ᠪᠤᠯᠢᠶᠠᠵᠤ ᠬᠠᠳᠠᠨ ᠳᠡᠭᠡᠷ᠎ᠡ ᠰᠠᠪᠠᠭᠴᠢ ᠨᠢ ᠠᠵᠠ ᠲᠠᠢ︕