1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠢᠷᠠᠨ ᠨᠠᠢ᠌ᠮᠠ
 ᠪᠤᠷᠬᠠᠨ ᠤ ᠢᠯᠠᠯᠲᠠ
 ᠳ᠋ᠠᠸᠢᠳ᠋ ᠤᠨ ᠳᠠᠭᠤᠯᠠᠯ᠂ ᠳᠠᠭᠤᠤ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠤᠷᠬᠠᠨ ᠪᠣᠰᠬᠤ ᠪᠣᠯᠲᠤᠭᠠᠢ᠂ ᠳᠠᠢᠰᠤᠨ ᠨᠤᠭᠤᠳ ᠨᠢ ᠪᠤᠲᠠᠷᠠᠵᠤ ᠥᠰᠲᠡᠨ ᠨᠦᠭᠦᠳ ᠨᠢ ᠲᠡᠭᠦᠨ ᠦ ᠡᠮᠦᠨ᠎ᠡ ᠡᠴᠡ ᠪᠤᠯᠲᠠᠬᠤ ᠪᠣᠯᠲᠤᠭᠠᠢ᠃
2 ᠲᠠ ᠤᠲᠤᠭ᠎ᠠ ᠶᠢ ᠰᠠᠷᠨᠢᠭᠤᠯᠳᠠᠭ ᠤᠨ ᠠᠳᠠᠯᠢ ᠲᠡᠳᠡᠨ ᠢ ᠰᠠᠷᠨᠢᠭᠤᠯᠤᠭᠠᠴᠢ ᠯᠠ ᠶᠢᠨ ᠲᠣᠰᠣ ᠭᠠᠯ ᠤᠨ ᠡᠮᠦᠨ᠎ᠡ ᠬᠠᠢᠯᠳᠠᠭ ᠤᠨ ᠠᠳᠠᠯᠢ ᠪᠤᠷᠤᠭᠤᠲᠠᠨ ᠪᠤᠷᠬᠠᠨ ᠤ ᠡᠮᠦᠨ᠎ᠡ ᠮᠥᠬᠥᠵᠦ
3 ᠵᠥᠪᠲᠡᠨ ᠪᠤᠷᠬᠠᠨ ᠤ ᠡᠮᠦᠨ᠎ᠡ ᠪᠠᠶᠠᠷᠯᠠᠨ ᠪᠠᠶᠠᠰᠴᠤ᠂ ᠪᠠᠶᠠᠷ ᠬᠥᠷ ᠲᠡᠢ ᠪᠠᠢᠬᠤ ᠪᠣᠯᠲᠤᠭᠠᠢ᠃

4 ᠪᠤᠷᠬᠠᠨ ᠤ ᠡᠮᠦᠨ᠎ᠡ ᠳᠠᠭᠤᠯᠠ᠂ ᠲᠡᠭᠦᠨ ᠦ ᠨᠡᠷ᠎ᠡ ᠶᠢ ᠮᠠᠭᠲᠠ᠂ ᠡᠭᠦᠯᠡ ᠬᠥᠯᠭᠡᠯᠡᠭᠴᠢ ᠳᠤ ᠳᠠᠭᠤᠤ ᠪᠠᠨ ᠡᠷᠭᠦ ᠲᠡᠭᠦᠨ ᠦ ᠨᠡᠷ᠎ᠡ ᠪᠣᠯ ᠶᠣᠬᠣᠸᠠ᠂ ᠲᠡᠭᠦᠨ ᠦ ᠡᠮᠦᠨ᠎ᠡ ᠪᠠᠶᠠᠰᠤᠭᠠᠷᠠᠢ᠃
5 ᠠᠷᠢᠭᠤᠨ ᠭᠠᠵᠠᠷ ᠲᠠᠭᠠᠨ ᠪᠤᠢ ᠪᠤᠷᠬᠠᠨ ᠪᠣᠯ ᠡᠴᠢᠭᠡ ᠦᠭᠡᠢ ᠶᠢᠨ ᠡᠴᠢᠭᠡ᠂ ᠪᠡᠯᠪᠡᠰᠦᠨ ᠦ ᠥᠮᠥᠭᠯᠡᠭᠴᠢ ᠶᠤᠮ᠂
6 ᠪᠤᠷᠬᠠᠨ ᠪᠣᠯ ᠭᠠᠭᠴᠠ ᠪᠡᠶ᠎ᠡ ᠬᠥᠮᠦᠨ ᠢ ᠭᠡᠷ ᠪᠦᠯᠢ ᠲᠠᠢ ᠪᠣᠯᠭᠠᠭᠴᠢ ᠬᠣᠷᠢᠭᠳᠠᠭᠰᠠᠳ ᠢ ᠰᠠᠢᠨ ᠰᠠᠢᠬᠠᠨ ᠤᠷᠤᠭᠤ ᠳᠠᠭᠠᠭᠤᠯᠤᠨ᠎ᠠ ᠲᠡᠷᠰᠯᠡᠭᠴᠢ ᠬᠠᠷᠢᠨ ᠭᠠᠩ ᠲᠠᠢ ᠭᠠᠵᠠᠷ ᠲᠤ ᠦᠯᠡᠳᠡᠨ᠎ᠡ᠃

7 ᠪᠤᠷᠬᠠᠨ ᠲᠠ ᠠᠷᠠᠳ ᠲᠦᠮᠡᠨ ᠦ ᠪᠠᠨ ᠡᠮᠦᠨ᠎ᠡ ᠭᠠᠷᠬᠤ ᠳᠤ ᠴᠥᠯ ᠳᠤᠮᠳᠠᠭᠤᠷ ᠤᠷᠤᠭᠰᠢᠯᠠᠬᠤ ᠳᠤ᠂
 
ᠰᠧᠯᠠ

8 ᠪᠤᠷᠬᠠᠨ ᠤ ᠡᠮᠦᠨ᠎ᠡ᠂ ᠰᠢᠨᠠᠢ ᠶᠢᠨ ᠪᠤᠷᠬᠠᠨ ᠤ ᠡᠮᠦᠨ᠎ᠡ ᠪᠤᠷᠬᠠᠨ ᠤ ᠡᠮᠦᠨ᠎ᠡ᠂ ᠢᠰᠷᠧᠯ ᠤᠨ ᠪᠤᠷᠬᠠᠨ ᠤ ᠡᠮᠦᠨ᠎ᠡ ᠭᠠᠵᠠᠷ ᠬᠥᠳᠡᠯᠪᠡ᠂ ᠲᠩᠷᠢ ᠪᠣᠷᠣᠭᠠᠨ ᠴᠢᠳᠬᠤᠭᠤᠯᠪᠠ᠃
9 ᠪᠤᠷᠬᠠᠨ ᠲᠠ ᠡᠯᠪᠡᠭ ᠪᠣᠷᠣᠭᠠᠨ ᠢ ᠰᠣᠶᠣᠷᠬᠠᠨ᠎ᠠ᠂ ᠥᠮᠴᠢ ᠲᠠᠨᠢ ᠰᠤᠯᠠᠳᠠᠪᠠᠯ ᠲᠠ ᠰᠡᠷᠭᠦᠭᠡᠳᠡᠭ᠃
10 ᠲᠠᠨ ᠤ ᠬᠢᠨ ᠲᠡᠨᠳᠡ ᠰᠠᠭᠤᠷᠢᠰᠢᠪᠠ᠂ ᠪᠤᠷᠬᠠᠨ ᠲᠠ ᠶᠠᠳᠠᠭᠤ ᠶᠢ ᠰᠠᠢᠨ ᠰᠠᠢᠬᠠᠨ ᠢᠶᠠᠷ ᠬᠠᠩ᠋ᠭᠠᠨ᠎ᠠ᠃

11 ᠡᠵᠡᠨ ᠦᠭᠡ ᠰᠣᠶᠣᠷᠬᠠᠬᠤ ᠳᠤ ᠮᠡᠳᠡᠭᠡᠴᠢᠨ ᠡᠮᠡᠭᠲᠡᠢ ᠦᠯᠡᠮᠵᠢ ᠣᠯᠠᠨ ᠪᠣᠯᠣᠨ᠎ᠠ
12 ᠲᠡᠳᠡ 《ᠬᠠᠭᠠᠳ ᠪᠣᠯᠣᠨ ᠴᠡᠷᠢᠭ ᠤᠳ ᠵᠢᠭᠤᠲᠠᠵᠤ ᠪᠠᠢᠨ᠎ᠠ᠂ ᠵᠢᠭᠤᠲᠠᠵᠤ ᠪᠠᠢᠨ᠎ᠠ》 ᠭᠡᠵᠡᠭᠡᠨ᠎ᠡ ᠭᠡᠷ ᠲᠦ ᠪᠠᠢᠭ᠎ᠠ ᠡᠮᠡᠭᠲᠡᠢ ᠣᠯᠵᠠ ᠬᠤᠪᠢᠶᠠᠨ᠎ᠠ᠂
13 ᠲᠠ ᠨᠠᠷ ᠬᠣᠨᠢᠨ ᠤ ᠬᠠᠰᠢᠶᠠᠨ ᠳᠤ ᠬᠡᠪᠲᠡᠭᠰᠡᠨ ᠴᠤ ᠮᠥᠩᠭᠥ ᠪᠡᠷ ᠪᠦᠷᠢᠭᠰᠡᠨ ᠲᠠᠭᠲᠠᠭᠠᠨ ᠤ ᠵᠢᠭᠦᠷ ᠲᠡᠢ ᠰᠢᠵᠢᠷ ᠠᠯᠲᠠ ᠪᠠᠷ ᠪᠦᠷᠢᠭᠰᠡᠨ ᠥᠳᠥ ᠲᠠᠢ ᠪᠣᠯᠣᠨ᠎ᠠ᠃
14 ᠲᠡᠭᠦᠰ ᠬᠦᠴᠦᠲᠦ ᠨᠢᠭᠡᠨ ᠲᠡᠨᠳᠡ ᠬᠠᠭᠠᠳ ᠢ ᠲᠠᠷᠬᠠᠭᠠᠬᠤ ᠳᠤ ᠽᠠᠯᠮᠣᠨ ᠳᠤ ᠴᠠᠰᠤ ᠣᠷᠣᠨ᠎ᠠ᠃
15 ᠪᠠᠱᠠᠨ ᠤ ᠠᠭᠤᠯᠠ ᠪᠣᠯ ᠪᠤᠷᠬᠠᠨ ᠤ ᠠᠭᠤᠯᠠ ᠪᠠᠱᠠᠨ ᠤ ᠠᠭᠤᠯᠠ ᠪᠣᠯ ᠣᠯᠠᠨ ᠣᠷᠭᠢᠯ ᠲᠠᠢ ᠠᠭᠤᠯᠠ ᠶᠤᠮ᠃
16 ᠬᠠᠷᠢᠨ ᠣᠯᠠᠨ ᠣᠷᠭᠢᠯ ᠲᠠᠢ ᠠᠭᠤᠯᠠᠰ ᠲᠠ ᠨᠠᠷ ᠪᠤᠷᠬᠠᠨ ᠤ ᠣᠷᠣᠰᠢᠬᠤ ᠪᠠᠷ ᠬᠦᠰᠡᠭᠰᠡᠨ ᠠᠭᠤᠯᠠ ᠤᠷᠤᠭᠤ ᠶᠠᠭᠤᠨ ᠳᠤ ᠬᠣᠷᠣᠰᠣᠯ ᠲᠠᠢ ᠪᠠᠷ ᠬᠠᠷᠠᠨ᠎ᠠ ᠪᠤᠢ︖ ᠶᠣᠬᠣᠸᠠ ᠦᠨᠡᠬᠡᠷ ᠲᠡᠨᠳᠡ ᠮᠥᠩᠬᠡ ᠣᠷᠣᠰᠢᠨ᠎ᠠ᠃
17 ᠪᠤᠷᠬᠠᠨ ᠤ ᠲᠡᠷᠭᠡ ᠨᠦᠭᠦᠳ ᠮᠢᠩ᠋ᠭ᠎ᠠ ᠮᠢᠩ᠋ᠭ᠎ᠠ᠂ ᠲᠦᠮᠡ ᠲᠦᠮᠡ ᠡᠵᠡᠨ ᠲᠡᠳᠡᠭᠡᠷ ᠦᠨ ᠳᠤᠮᠳᠠ ᠪᠠᠢᠨ᠎ᠠ᠂ ᠰᠢᠨᠠᠢ ᠨᠢ ᠡᠳᠦᠭᠡ ᠠᠷᠢᠭᠤᠨ ᠭᠠᠵᠠᠷ ᠲᠤ ᠪᠠᠢᠨ᠎ᠠ᠃
18 ᠲᠠ ᠥᠨᠳᠥᠷ ᠲᠦ ᠳᠡᠪᠰᠢᠬᠦ ᠳᠡᠭᠡᠨ ᠣᠯᠵᠠᠯᠠᠭᠳᠠᠭᠰᠠᠳ ᠢ ᠣᠯᠵᠠᠯᠠᠪᠠ᠂ ᠬᠥᠮᠦᠰ ᠦᠨ ᠳᠤᠮᠳᠠ ᠠᠴᠠ᠂ ᠲᠡᠷᠰᠯᠡᠭᠴᠢᠳ ᠡᠴᠡ ᠴᠤ ᠪᠡᠯᠡᠭ ᠤᠳ ᠢ ᠠᠪᠤᠪᠠ᠂ ᠲᠡᠭᠡᠭᠡᠳ ᠶᠣᠬᠣᠸᠠ ᠪᠤᠷᠬᠠᠨ ᠲᠡᠨᠳᠡ ᠣᠷᠣᠰᠢᠬᠤ ᠪᠣᠯᠪᠠ᠃

19 ᠡᠳᠦᠷ ᠪᠦᠷᠢ ᠪᠢᠳᠡᠨ ᠦ ᠠᠴᠢᠶ᠎ᠠ ᠶᠢ ᠡᠭᠦᠷᠳᠡᠭ ᠡᠵᠡᠨ ᠪᠢᠳᠡᠨ ᠦ ᠠᠪᠤᠷᠠᠭᠴᠢ ᠪᠤᠷᠬᠠᠨ ᠮᠠᠭᠲᠠᠭᠳᠠᠬᠤ ᠪᠣᠯᠲᠤᠭᠠᠢ᠃
 
ᠰᠧᠯᠠ

20 ᠪᠢᠳᠡᠨ ᠦ ᠪᠤᠷᠬᠠᠨ ᠠᠪᠤᠷᠠᠯ ᠤᠨ ᠪᠤᠷᠬᠠᠨ ᠦᠬᠦᠯ ᠡᠴᠡ ᠵᠠᠢᠯᠠᠭᠤᠯᠤᠭᠴᠢ ᠨᠢ ᠡᠵᠡᠨ ᠶᠣᠬᠣᠸᠠ ᠶᠤᠮ᠃
21 ᠭᠡᠪᠡᠴᠦ ᠪᠤᠷᠬᠠᠨ ᠳᠠᠢᠰᠤᠨ ᠨᠤᠭᠤᠳ ᠤᠨ ᠢᠶᠠᠨ ᠲᠣᠯᠣᠭᠠᠢ ᠶᠢ ᠭᠡᠮ ᠨᠢᠭᠦᠯ ᠦᠨ ᠳᠤᠮᠳᠠ ᠶᠠᠪᠤᠭᠴᠢ ᠬᠥᠮᠦᠨ ᠦ ᠦᠰᠦ ᠲᠠᠢ ᠵᠤᠯᠠᠢ ᠶᠢ ᠴᠥᠮᠥᠯᠥᠨ᠎ᠡ᠃
22 ᠡᠵᠡᠨ ᠠᠢᠯᠠᠳᠤᠨ᠄ 《ᠪᠢ ᠲᠡᠳᠡᠨ ᠢ ᠪᠠᠱᠠᠨ ᠠᠴᠠ ᠠᠪᠴᠢᠷᠠᠨ᠎ᠠ ᠳᠠᠯᠠᠢ ᠶᠢᠨ ᠭᠦᠨ ᠡᠴᠡ ᠴᠤ ᠠᠪᠴᠢᠷᠠᠨ᠎ᠠ᠃
23 ᠴᠢ ᠳᠠᠢᠰᠤᠨ ᠤ ᠪᠠᠨ ᠴᠢᠰᠤᠨ ᠳᠤ ᠬᠥᠯ ᠢᠶᠡᠨ ᠬᠢᠵᠦ ᠨᠣᠬᠠᠳ ᠤᠨ ᠴᠢᠨᠢ ᠬᠡᠯᠡ ᠲᠡᠳᠡᠨ ᠡᠴᠡ ᠬᠤᠪᠢ ᠪᠠᠨ ᠬᠦᠷᠲᠡᠨ᠎ᠡ》 ᠭᠡᠪᠡ᠃
24 ᠪᠤᠷᠬᠠᠨ᠂ ᠲᠠᠨ ᠤ ᠵᠠᠯᠠᠷᠠᠨ ᠢᠷᠡᠬᠦ ᠶᠢ ᠮᠢᠨᠦ ᠪᠤᠷᠬᠠᠨ᠂ ᠮᠢᠨᠦ ᠬᠠᠭᠠᠨ ᠤ ᠠᠷᠢᠭᠤᠨ ᠭᠠᠵᠠᠷ ᠲᠤ ᠵᠠᠯᠠᠷᠠᠨ ᠢᠷᠡᠬᠦ ᠶᠢ ᠬᠥᠮᠦᠰ ᠬᠠᠷᠠᠭᠰᠠᠨ᠃
25 ᠡᠮᠦᠨ᠎ᠡ ᠨᠢ ᠳᠠᠭᠤᠴᠢᠳ᠂ ᠠᠷᠤ ᠳᠤᠨᠢ ᠬᠥᠭᠵᠢᠮᠴᠢᠳ᠂ ᠳᠤᠮᠳᠠ ᠨᠢ ᠬᠡᠩᠭᠡᠷᠭᠡ ᠳᠡᠯᠡᠳᠬᠦ ᠥᠬᠢᠳ ᠪᠠᠢᠨ᠎ᠠ᠃
26 ᠶᠡᠬᠡ ᠴᠢᠭᠤᠯᠭᠠᠨ ᠳᠤ ᠪᠤᠷᠬᠠᠨ ᠢ ᠮᠠᠭᠲᠠᠵᠠᠭ᠎ᠠ ᠢᠰᠷᠧᠯ ᠤᠨ ᠬᠤᠷᠠᠯᠳᠤᠭᠠᠨ ᠳᠡᠭᠡᠷ᠎ᠡ ᠶᠣᠬᠣᠸᠠ 14 ᠶᠢ ᠮᠠᠭᠲᠠᠵᠠᠭ᠎ᠠ︕
27 ᠲᠡᠨᠳᠡ ᠲᠡᠳᠡᠨ ᠢ ᠤᠳᠤᠷᠢᠳᠳᠠᠭ ᠣᠳᠬᠣᠨ ᠪᠢᠨᠶᠠᠮᠢᠨ ᠶᠦᠳᠠ ᠶᠢᠨ ᠨᠣᠶᠠᠳ ᠣᠯᠠᠨ ᠲᠦᠮᠡᠨ ᠲᠡᠢ ᠪᠡᠨ ᠽᠧᠪᠦ᠋ᠯᠣᠨ ᠪᠠ ᠨᠠᠹᠲ᠋ᠠᠯᠢ ᠶᠢᠨ ᠨᠣᠶᠠᠳ ᠪᠠᠢᠨ᠎ᠠ᠃

28 ᠪᠤᠷᠬᠠᠨ᠂ ᠤᠷᠢᠳᠤ ᠨᠢ ᠪᠢᠳᠡᠨ ᠦ ᠲᠥᠯᠥᠭᠡ ᠦᠢᠯᠡᠳᠦᠭᠰᠡᠨ ᠰᠢᠭ ᠢᠶᠠᠨ ᠬᠦᠴᠦᠯᠡᠭᠡᠴᠢ᠂ ᠪᠤᠷᠬᠠᠨ᠂ ᠬᠦᠴᠦ ᠪᠡᠨ ᠳᠠᠢᠴᠢᠯᠠᠭᠠᠴᠢ᠃
29 ᠶᠧᠷᠦ᠋ᠰᠠᠯᠧᠮ ᠳᠡᠭᠡᠷ᠎ᠡ ᠪᠤᠢ ᠥᠷᠭᠥᠭᠡᠨ ᠦ ᠲᠠᠨᠢ ᠤᠯᠠᠮ ᠢᠶᠠᠷ ᠬᠠᠭᠠᠳ ᠲᠠᠨ ᠳᠤ ᠪᠡᠯᠡᠭ ᠠᠪᠴᠢᠷᠠᠨ᠎ᠠ᠃
30 ᠵᠡᠭᠡᠰᠦᠨ ᠳᠤᠮᠳᠠ ᠰᠠᠭᠤᠭᠴᠢ ᠠᠷᠢᠶᠠᠲᠠᠳ ᠢ ᠲᠤᠭᠤᠯ ᠤᠳ ᠤᠨ ᠳᠤᠮᠳᠠᠬᠢ ᠪᠤᠬᠠᠨ ᠰᠦᠷᠦᠭ ᠮᠡᠲᠦ ᠦᠨᠳᠦᠰᠦᠲᠡᠨ ᠨᠦᠭᠦᠳ ᠢ ᠵᠢᠮᠡᠯᠡᠭᠡᠴᠢ ᠲᠡᠳᠡ ᠴᠤᠯᠤ ᠮᠥᠩᠭᠥ ᠠᠪᠴᠢᠷᠠᠵᠤ ᠪᠥᠬᠥᠢᠨ᠎ᠡ᠂ ᠳᠠᠢᠨᠴᠢ ᠦᠨᠳᠦᠰᠦᠲᠡᠨ ᠨᠦᠭᠦᠳ ᠢ ᠲᠡᠷᠡ ᠰᠠᠷᠨᠢᠭᠤᠯᠳᠠᠭ᠃
31 ᠡᠯᠴᠢᠳ ᠶᠧᠵᠢᠫᠲ ᠡᠴᠡ ᠢᠷᠡᠵᠦ ᠺᠦᠱ ᠭᠠᠷ ᠢᠶᠠᠨ ᠪᠤᠷᠬᠠᠨ ᠤᠷᠤᠭᠤ ᠤᠳᠠᠯ ᠦᠭᠡᠢ ᠰᠤᠩ᠋ᠭᠠᠨ᠎ᠠ᠃

32 ᠳᠡᠯᠡᠬᠡᠢ ᠶᠢᠨ ᠬᠠᠭᠠᠨᠴᠢᠯᠠᠯ ᠤᠳ ᠡ᠂ ᠪᠤᠷᠬᠠᠨ ᠳᠤ ᠳᠠᠭᠤᠤ ᠡᠷᠭᠦᠭᠲᠦᠨ᠂ ᠡᠵᠡᠨ ᠢ ᠮᠠᠭᠲᠠᠭᠲᠤᠨ᠃
 
ᠰᠧᠯᠠ

33 ᠡᠷᠲᠡ ᠦᠶ᠎ᠡ ᠡᠴᠡ ᠲᠡᠷᠡ ᠲᠩᠷᠢ ᠨᠦᠭᠦᠳ ᠦᠨ ᠲᠩᠷᠢ ᠶᠢ ᠬᠥᠯᠭᠡᠯᠡᠵᠦ ᠪᠠᠢᠭᠰᠠᠨ ᠬᠠᠷᠠ᠂ ᠲᠡᠷᠡ ᠳᠠᠭᠤ ᠪᠠᠨ᠂ ᠬᠦᠴᠦᠲᠦ ᠳᠠᠭᠤ ᠪᠠᠨ ᠴᠤᠤᠷᠢᠶᠠᠲᠤᠭᠤᠯᠵᠤ ᠪᠠᠢᠨ᠎ᠠ᠂
34 ᠪᠤᠷᠬᠠᠨ ᠤ ᠬᠦᠴᠦ ᠶᠢ ᠲᠤᠩ᠋ᠬᠠᠭᠯᠠ᠂ ᠲᠡᠭᠦᠨ ᠦ ᠵᠢᠪᠬᠤᠯᠠᠩ ᠢᠰᠷᠧᠯ ᠤᠨ ᠳᠡᠭᠡᠷ᠎ᠡ ᠲᠡᠭᠦᠨ ᠦ ᠬᠦᠴᠦ ᠲᠩᠷᠢ ᠳᠡᠭᠡᠷ᠎ᠡ ᠪᠠᠢᠨ᠎ᠠ᠃
35 ᠪᠤᠷᠬᠠᠨ᠂ ᠠᠷᠠᠳ ᠲᠦᠮᠡᠨ ᠳᠡᠭᠡᠨ ᠬᠦᠴᠦ ᠴᠢᠳᠠᠯ ᠢ ᠰᠣᠶᠣᠷᠬᠠᠳᠠᠭ ᠢᠰᠷᠧᠯ ᠤᠨ ᠪᠤᠷᠬᠠᠨ ᠲᠠ ᠠᠷᠢᠭᠤᠨ ᠭᠠᠵᠠᠷ ᠲᠠᠭᠠᠨ᠂ ᠡᠮᠢᠶᠡᠭᠦᠰᠢᠲᠡᠢ ᠪᠠᠢᠨ᠎ᠠ ᠪᠤᠷᠬᠠᠨ ᠮᠠᠭᠲᠠᠭᠳᠠᠬᠤ ᠪᠣᠯᠲᠤᠭᠠᠢ︕