ᠳᠠᠭᠤᠯᠠᠯ ᠵᠠᠭᠤ ᠳᠥᠴᠢᠨ ᠭᠤᠷᠪᠠ
ᠠᠪᠤᠷᠠᠯ ᠬᠦᠰᠡᠭᠰᠡᠨ ᠭᠡᠮᠰᠢᠯ
ᠳ᠋ᠠᠸᠢᠳ᠋ ᠤᠨ ᠳᠠᠭᠤᠯᠠᠯ᠃
1 ᠶᠣᠬᠣᠸᠠ᠂ ᠳᠠᠭᠠᠳᠬᠠᠯ ᠢ ᠮᠢᠨᠢ ᠰᠣᠨᠣᠰᠣᠨ ᠭᠤᠶᠤᠯᠲᠠ ᠳᠤ ᠮᠢᠨᠢ ᠴᠢᠬᠢ ᠲᠠᠯᠪᠢᠭᠠᠴᠢ ᠢᠲᠡᠭᠡᠮᠵᠢᠲᠦ᠂ ᠵᠥᠪᠲᠦ ᠪᠠᠢᠳᠠᠯ ᠢᠶᠠᠷ ᠢᠶᠠᠨ ᠨᠠᠳᠠ ᠳᠤ ᠬᠠᠷᠢᠭᠤᠯᠤᠭᠠᠴᠢ᠂
2 ᠠᠮᠢᠳᠤ ᠪᠣᠯᠭᠠᠨ ᠲᠠᠨ ᠤ ᠮᠡᠯᠮᠡᠢ ᠳᠦ ᠵᠥᠪᠲᠦ ᠪᠢᠰᠢ᠂ ᠥᠪᠡᠷ ᠦᠨ ᠢᠶᠠᠨ ᠵᠠᠷᠤᠴᠠ ᠶᠢ ᠰᠢᠭᠦᠯᠲᠡ ᠳᠦ ᠪᠦᠦ ᠣᠷᠣᠭᠤᠯᠤᠭᠠᠴᠢ᠂
3 ᠥᠰᠲᠡᠨ ᠨᠠᠮᠠᠶᠢ ᠨᠡᠬᠡᠮᠵᠢᠯᠡᠵᠦ ᠠᠮᠢ ᠶᠢ ᠮᠢᠨᠢ ᠭᠠᠵᠠᠷ ᠲᠤ ᠪᠢᠴᠠᠯᠪᠠ᠂ ᠨᠠᠮᠠᠶᠢ ᠡᠷᠲᠡ ᠦᠬᠦᠭᠰᠡᠨ ᠬᠥᠮᠦᠰ ᠰᠢᠭ ᠬᠠᠷᠠᠩ᠋ᠭᠤᠢ ᠳᠤ ᠰᠠᠭᠤᠯᠭᠠᠪᠠ᠂
4 ᠰᠦᠨᠡᠰᠦ ᠮᠢᠨᠢ ᠮᠢᠨᠦ ᠳᠣᠲᠣᠷ᠎ᠠ ᠰᠤᠯᠠᠳᠠᠭᠰᠠᠨ ᠵᠢᠷᠦᠬᠡ ᠮᠢᠨᠢ ᠮᠢᠨᠦ ᠳᠣᠲᠣᠷ᠎ᠠ ᠴᠣᠴᠢᠷᠳᠠᠭᠰᠠᠨ ᠶᠤᠮ᠃
5 ᠪᠢ ᠡᠷᠲᠡᠨ ᠦ ᠡᠳᠦᠷ ᠤᠳ ᠢ ᠰᠠᠨᠠᠭᠰᠠᠨ ᠲᠠᠨ ᠤ ᠮᠤᠲᠤᠷ ᠤᠨ ᠦᠢᠯᠡᠰ ᠢ ᠲᠤᠩ᠋ᠭᠠᠵᠤ ᠲᠠᠨ ᠤ ᠦᠢᠯᠡᠳᠦᠭᠰᠡᠨ ᠪᠦᠬᠦᠨ ᠢ ᠪᠣᠯᠭᠣᠭᠠᠭᠰᠠᠨ
6 ᠪᠢ ᠲᠠᠨ ᠤᠷᠤᠭᠤ ᠭᠠᠷ ᠢᠶᠠᠨ ᠰᠤᠩ᠋ᠭᠠᠭᠰᠠᠨ ᠰᠦᠨᠡᠰᠦ ᠮᠢᠨᠢ ᠲᠠᠨ ᠤᠷᠤᠭᠤ ᠠᠩ᠋ᠭᠠᠭᠰᠠᠨ ᠭᠠᠵᠠᠷ ᠮᠡᠲᠦ ᠲᠡᠮᠡᠦᠯᠦᠭᠰᠡᠨ᠃
ᠰᠧᠯᠠ
7 ᠶᠣᠬᠣᠸᠠ᠂ ᠨᠠᠳᠠ ᠳᠤ ᠬᠤᠷᠳᠤᠬᠠᠨ ᠬᠠᠷᠢᠭᠤᠯᠤᠭᠠᠴᠢ᠂ ᠰᠦᠨᠡᠰᠦ ᠮᠢᠨᠢ ᠰᠤᠯᠠᠳᠠᠵᠠᠢ᠂ ᠨᠠᠳᠠ ᠠᠴᠠ ᠨᠢᠭᠤᠷ ᠢᠶᠠᠨ ᠪᠦᠦ ᠨᠢᠭᠤᠭᠠᠴᠢ᠂ ᠪᠢ ᠨᠦᠬᠡ ᠤᠷᠤᠭᠤ ᠪᠠᠭᠤᠭᠴᠢᠳ ᠲᠠᠢ ᠠᠳᠠᠯᠢ ᠪᠣᠯᠣᠭᠤᠵᠠᠢ᠂
8 ᠥᠷᠯᠥᠭᠡ ᠨᠠᠳᠠ ᠳᠤ ᠬᠠᠢᠷ᠎ᠠ ᠶᠢᠨ ᠦᠭᠡ ᠪᠡᠨ ᠰᠣᠨᠣᠰᠬᠠᠭᠠᠴᠢ ᠪᠢ ᠲᠠᠨ ᠳᠤ ᠯᠠ ᠢᠲᠡᠭᠡᠳᠡᠭ ᠶᠠᠪᠤᠬᠤ ᠵᠠᠮ ᠢ ᠮᠢᠨᠢ ᠮᠡᠳᠡᠭᠦᠯᠦᠭᠡᠴᠢ ᠪᠢ ᠰᠡᠳᠬᠢᠯ ᠢᠶᠠᠨ ᠲᠠᠨ ᠳᠤ ᠡᠷᠭᠦᠶ᠎ᠡ᠂
9 ᠶᠣᠬᠣᠸᠠ ᠨᠠᠮᠠᠶᠢ ᠳᠠᠢᠰᠤᠨ ᠨᠤᠭᠤᠳ ᠠᠴᠠ ᠮᠢᠨᠢ ᠴᠢᠯᠥᠭᠡᠯᠡᠭᠡᠴᠢ ᠪᠢ ᠲᠠᠨ ᠤ ᠳᠣᠲᠣᠷ᠎ᠠ ᠬᠣᠷᠭᠣᠳᠠᠶᠠ᠃
10 ᠲᠠ ᠯᠠ ᠮᠢᠨᠦ ᠪᠤᠷᠬᠠᠨ᠂ ᠲᠠᠭᠠᠯᠠᠯ ᠢ ᠲᠠᠨᠢ ᠪᠡᠶᠡᠯᠡᠭᠦᠯᠬᠦ ᠶᠢ ᠨᠠᠳᠠ ᠳᠤ ᠰᠤᠷᠭᠠᠭᠠᠴᠢ ᠰᠠᠢᠨ ᠰᠦᠨᠡᠰᠦ ᠲᠠᠨᠢ ᠨᠠᠮᠠᠶᠢ ᠲᠡᠭᠰᠢ ᠭᠠᠵᠠᠷ ᠤᠷᠤᠭᠤ ᠬᠥᠲᠥᠯᠥᠭ᠂
11 ᠶᠣᠬᠣᠸᠠ᠂ ᠨᠡᠷ᠎ᠡ ᠶᠢᠨ ᠢᠶᠠᠨ ᠲᠥᠯᠥᠭᠡ ᠨᠠᠮᠠᠶᠢ ᠰᠡᠷᠭᠦᠭᠡᠭᠡᠴᠢ ᠵᠥᠪ ᠢᠶᠡᠷ ᠢᠶᠠᠨ ᠨᠠᠮᠠᠶᠢ ᠵᠣᠪᠠᠯᠠᠩ ᠠᠴᠠ ᠠᠩᠭᠢᠵᠢᠷᠠᠭᠤᠯᠤᠭᠠᠴᠢ᠂
12 ᠦᠨᠡᠨ ᠬᠠᠢᠷ᠎ᠠ ᠪᠠᠷ ᠢᠶᠠᠨ ᠳᠠᠢᠰᠤᠨ ᠨᠤᠭᠤᠳ ᠢ ᠮᠢᠨᠢ ᠠᠷᠢᠯᠭᠠᠭᠠᠴᠢ ᠬᠠᠮᠤᠭ ᠥᠰᠲᠡᠨ ᠢ ᠮᠢᠨᠢ ᠤᠰᠠᠳᠬᠠᠭᠠᠴᠢ ᠪᠢ ᠲᠠᠨ ᠤ ᠵᠠᠷᠤᠴᠠ ᠪᠢᠯᠡ᠃