ᠳᠠᠭᠤᠯᠠᠯ ᠵᠠᠭᠤ ᠲᠠᠪᠤ
ᠢᠲᠡᠭᠡᠮᠵᠢᠲᠦ ᠪᠤᠷᠬᠠᠨ ᠭᠡᠷ᠎ᠡ ᠪᠡᠨ ᠰᠠᠨᠠᠳᠠᠭ
1 ᠶᠣᠬᠣᠸᠠ ᠳᠤ ᠲᠠᠯᠠᠷᠬ᠎ᠠ᠂ ᠲᠡᠭᠦᠨ ᠦ ᠨᠡᠷ᠎ᠡ ᠶᠢ ᠳᠠᠭᠤᠳᠠ᠂ ᠦᠢᠯᠡᠰ ᠢ ᠨᠢ ᠦᠨᠳᠦᠰᠦᠲᠡᠨ ᠨᠦᠭᠦᠳ ᠦᠨ ᠳᠤᠮᠳᠠ ᠮᠡᠳᠡᠭᠦᠯ᠂
2 ᠲᠡᠭᠦᠨ ᠳᠦ ᠳᠠᠭᠤᠤ ᠡᠷᠭᠦ᠂ ᠲᠡᠭᠦᠨ ᠢ ᠮᠠᠭᠲᠠ ᠪᠦᠬᠦ ᠭᠠᠢᠬᠠᠮᠰᠢᠭ ᠢ ᠨᠢ ᠶᠠᠷᠢ᠂
3 ᠲᠡᠭᠦᠨ ᠦ ᠠᠷᠢᠭᠤᠨ ᠨᠡᠷ᠎ᠡ ᠪᠡᠷ ᠪᠠᠬᠠᠷᠬᠠ ᠶᠣᠬᠣᠸᠠ ᠶᠢ ᠬᠠᠢᠭᠴᠢᠳ ᠤᠨ ᠵᠢᠷᠦᠬᠡ ᠪᠠᠶᠠᠷᠯᠠᠭ᠂
4 ᠶᠣᠬᠣᠸᠠ ᠶᠢ᠂ ᠮᠥᠨ ᠲᠡᠭᠦᠨ ᠦ ᠬᠦᠴᠦ ᠶᠢ ᠬᠦᠰᠡ᠂ ᠨᠢᠭᠤᠷ ᠢ ᠨᠢ ᠦᠷᠭᠦᠯᠵᠢ ᠬᠠᠢᠭᠲᠤᠨ᠂
5 ᠦᠢᠯᠡᠳᠦᠭᠰᠡᠨ ᠭᠠᠢᠬᠠᠮᠰᠢᠭᠲᠤ ᠲᠡᠮᠳᠡᠭ ᠤᠳ ᠢ ᠨᠢ ᠤᠨᠤᠭᠠᠭᠰᠠᠨ ᠰᠢᠭᠦᠯᠲᠡ ᠶᠢ ᠨᠢ ᠰᠠᠨᠠ᠂
6 ᠲᠡᠭᠦᠨ ᠦ ᠵᠠᠷᠤᠴᠠ ᠠᠪᠷᠠᠬᠠᠮ ᠤᠨ ᠦᠷ᠎ᠡ ᠤᠳᠤᠮ ᠡ ᠲᠡᠭᠦᠨ ᠦ ᠰᠣᠩ᠋ᠭᠣᠭᠰᠠᠨ ᠶᠠᠺᠣᠪ ᠤᠨ ᠬᠥᠪᠡᠭᠦᠳ ᠡ᠂
7 ᠲᠡᠷᠡ ᠪᠣᠯ ᠪᠢᠳᠡᠨ ᠦ ᠪᠤᠷᠬᠠᠨ ᠶᠣᠬᠣᠸᠠ ᠶᠤᠮ ᠲᠡᠭᠦᠨ ᠦ ᠰᠢᠭᠦᠯᠲᠡ ᠪᠦᠬᠦ ᠳᠡᠯᠡᠬᠡᠢ ᠳᠦ ᠪᠠᠢᠨ᠎ᠠ᠂
8 ᠲᠡᠷᠡ ᠪᠠᠢᠭᠤᠯᠤᠭᠰᠠᠨ ᠭᠡᠷ᠎ᠡ ᠪᠡᠨ ᠮᠥᠩᠬᠡᠳᠡ ᠲᠤᠰᠢᠶᠠᠭᠰᠠᠨ ᠦᠭᠡ ᠪᠡᠨ ᠮᠢᠩ᠋ᠭᠠᠨ ᠦᠶ᠎ᠡ ᠶᠢᠨ ᠲᠤᠷᠰᠢ ᠰᠠᠨᠠᠳᠠᠭ᠂
9 ᠲᠡᠷᠡ ᠪᠡᠷ ᠠᠪᠷᠠᠬᠠᠮ ᠲᠠᠢ ᠭᠡᠷ᠎ᠡ ᠪᠠᠢᠭᠤᠯᠵᠤ ᠢᠰᠠᠺ ᠲᠤ ᠲᠠᠩ᠋ᠭᠠᠷᠢᠭ ᠲᠠᠯᠪᠢᠨ᠂
10 ᠲᠡᠳᠡᠭᠡᠷ ᠢ ᠶᠠᠺᠣᠪ ᠲᠤ ᠲᠣᠭᠲᠠᠭᠠᠯ ᠪᠣᠯᠭᠠᠨ ᠪᠠᠲᠤᠯᠠᠵᠤ ᠢᠰᠷᠧᠯ ᠳᠤ ᠮᠥᠩᠬᠡ ᠶᠢᠨ ᠭᠡᠷ᠎ᠡ ᠪᠣᠯᠭᠠᠨ᠄
11 《ᠪᠢ ᠴᠢᠮ᠎ᠠ ᠳᠤ ᠺᠠᠨᠠᠨ ᠨᠤᠲᠤᠭ ᠢ ᠴᠢᠨᠦ ᠥᠮᠴᠢ ᠬᠤᠪᠢ ᠪᠣᠯᠭᠠᠨ ᠥᠭᠭᠥᠨ᠎ᠡ》 ᠭᠡᠰᠡᠨ ᠪᠢᠯᠡ᠃
12 ᠲᠡᠷᠡ ᠦᠶ᠎ᠡ ᠳᠦ ᠲᠡᠳᠡᠨ ᠦ ᠲᠣᠭ᠎ᠠ ᠴᠥᠭᠡᠨ ᠦᠨᠡᠬᠡᠷ ᠴᠥᠭᠡᠨ ᠪᠠᠢᠯ᠎ᠠ᠂ ᠲᠡᠳᠡ ᠲᠡᠨᠳᠡ ᠴᠠᠭᠠᠴᠢᠨ ᠪᠣᠯᠬᠣᠷ
13 ᠨᠢᠭᠡ ᠦᠨᠳᠦᠰᠦᠲᠡᠨ ᠡᠴᠡ ᠨᠥᠭᠥᠭᠡ ᠦᠨᠳᠦᠰᠦᠲᠡᠨ ᠤᠷᠤᠭᠤ ᠨᠢᠭᠡ ᠭᠦᠷᠦᠨ ᠡᠴᠡ ᠨᠥᠭᠥᠭᠡ ᠭᠦᠷᠦᠨ ᠤᠷᠤᠭᠤ ᠲᠡᠨᠦᠭᠦᠴᠢᠯᠡᠵᠦ ᠪᠠᠢᠭᠰᠠᠨ᠂
14 ᠬᠠᠷᠢᠨ ᠲᠡᠳᠡᠨ ᠢ ᠳᠠᠷᠤᠯᠠᠬᠤ ᠶᠢ ᠪᠤᠷᠬᠠᠨ ᠬᠡᠨ ᠳᠦ ᠴᠤ ᠵᠥᠪᠰᠢᠶᠡᠷᠡᠭᠰᠡᠨ ᠦᠭᠡᠢ ᠲᠡᠳᠡᠨ ᠦ ᠡᠮᠦᠨ᠎ᠡ ᠡᠴᠡ ᠬᠠᠭᠠᠳ ᠢ ᠵᠢᠮᠡᠯᠡᠨ᠄
15 《ᠮᠢᠨᠦ ᠲᠣᠰᠣᠯᠠᠭᠰᠠᠨ ᠬᠥᠮᠦᠰ ᠲᠦ ᠪᠦᠦ ᠬᠦᠷ ᠮᠢᠨᠦ ᠡᠰᠢ ᠦᠵᠡᠭᠦᠯᠦᠭᠴᠢᠳ ᠲᠤ ᠪᠦᠦ ᠬᠣᠣᠷ ᠬᠦᠷᠭᠡ》 ᠭᠡᠰᠡᠨ᠂
16 ᠲᠡᠷᠡ ᠪᠡᠷ ᠲᠡᠷᠡ ᠨᠤᠲᠤᠭ ᠲᠤ ᠥᠯᠥᠰᠬᠥᠯᠡᠩ ᠢ ᠳᠠᠭᠤᠳᠠᠨ ᠲᠠᠷᠢᠶᠠᠨ ᠤ ᠬᠢᠨᠢ ᠡᠰᠢ ᠶᠢ ᠪᠦᠭᠦᠳᠡ ᠶᠢ ᠬᠤᠭᠤᠯᠤᠭᠰᠠᠨ ᠦᠶ᠎ᠡ ᠳᠡᠭᠡᠨ
17 ᠲᠡᠳᠡᠨ ᠡᠴᠡ ᠡᠮᠦᠨ᠎ᠡ ᠨᠢᠭᠡ ᠬᠥᠮᠦᠨ ᠢ ᠢᠯᠡᠭᠡᠭᠰᠡᠨ ᠪᠠᠢᠵᠠᠢ᠃ ᠶᠣᠰᠧᠹ ᠪᠣᠭᠣᠯ ᠪᠣᠯᠵᠤ ᠬᠤᠳᠠᠯᠳᠤᠭᠳᠠᠭᠠᠳ
18 ᠬᠥᠯ ᠢᠶᠡᠨ ᠳᠥᠩᠭᠡᠯᠡᠭᠦᠯᠵᠦ ᠬᠦᠵᠦᠭᠦᠦ ᠪᠡᠨ ᠲᠡᠮᠦᠷ ᠢᠶᠡᠷ ᠭᠢᠨᠵᠢᠯᠡᠭᠦᠯᠦᠭᠰᠡᠨ ᠪᠠᠢᠭᠰᠠᠨ ᠴᠤ
19 ᠬᠣᠵᠢᠮ ᠨᠢ ᠶᠣᠬᠣᠸᠠ ᠶᠢᠨ ᠦᠭᠡ ᠪᠡᠶᠡᠯᠡᠭᠳᠡᠵᠡᠢ᠂ ᠵᠥᠪ ᠭᠡᠳᠡᠭ ᠨᠢ ᠪᠠᠲᠤᠯᠠᠭᠳᠠᠵᠠᠢ᠃
20 ᠬᠠᠭᠠᠨ ᠬᠥᠮᠦᠨ ᠢᠯᠡᠭᠡᠵᠦ᠂ ᠲᠡᠭᠦᠨ ᠢ ᠰᠤᠯᠠᠯᠠᠪᠠ ᠦᠨᠳᠦᠰᠦᠲᠡᠨ ᠨᠦᠭᠦᠳ ᠦᠨ ᠵᠠᠬᠢᠷᠤᠭᠴᠢ ᠲᠡᠭᠦᠨ ᠢ ᠴᠢᠯᠥᠭᠡᠯᠡᠪᠡ᠂
21 ᠲᠡᠭᠦᠨ ᠢ ᠣᠷᠳᠣᠨ ᠤ ᠪᠠᠨ ᠡᠵᠡᠨ ᠠᠯᠢᠪᠠ ᠡᠵᠡᠮᠰᠢᠯ ᠤᠨ ᠢᠶᠠᠨ ᠵᠠᠬᠢᠷᠤᠭᠴᠢ ᠪᠣᠯᠭᠠᠵᠤ
22 ᠲᠦᠰᠢᠮᠡᠳ ᠢ ᠨᠢ ᠬᠦᠰᠡᠭᠰᠡᠨ ᠢᠶᠡᠷ ᠢᠶᠠᠨ ᠬᠦᠯᠢᠬᠦ ᠠᠬᠠᠮᠠᠳ ᠢ ᠨᠢ ᠮᠡᠷᠭᠡᠨ ᠤᠬᠠᠭᠠᠨ ᠢᠶᠠᠷ ᠰᠤᠷᠭᠠᠬᠤ ᠶᠢ ᠵᠥᠪᠰᠢᠶᠡᠷᠡᠵᠡᠢ᠂
23 ᠲᠡᠭᠡᠭᠡᠳ ᠢᠰᠷᠧᠯ ᠶᠧᠵᠢᠫᠲ ᠲᠤ ᠢᠷᠡᠭᠰᠡᠨ ᠶᠠᠺᠣᠪ ᠾᠠᠮ ᠤᠨ ᠨᠤᠲᠤᠭ ᠲᠤ ᠰᠠᠭᠤᠷᠢᠰᠢᠭᠰᠠᠨ᠂
24 ᠶᠣᠬᠣᠸᠠ ᠠᠷᠠᠳ ᠲᠦᠮᠡᠨ ᠢᠶᠡᠨ ᠥᠨᠢᠷ ᠥᠳᠬᠡᠨ ᠪᠣᠯᠭᠠᠵᠤ ᠥᠰᠲᠡᠨ ᠨᠦᠭᠦᠳ ᠡᠴᠡ ᠨᠢ ᠢᠯᠡᠭᠦᠦ ᠬᠦᠴᠦᠲᠡᠢ ᠪᠣᠯᠭᠠᠭᠰᠠᠨ᠂
25 ᠭᠡᠪᠡᠴᠦ ᠲᠡᠷᠡ ᠥᠰᠲᠡᠨ ᠨᠦᠭᠦᠳ ᠦᠨ ᠬᠢᠨᠢ ᠰᠡᠳᠬᠢᠯ ᠢ ᠡᠷᠭᠢᠭᠦᠯᠬᠦ ᠳᠦ᠂ ᠲᠡᠳᠡ ᠠᠷᠠᠳ ᠲᠦᠮᠡᠨ ᠢ ᠨᠢ ᠦᠵᠡᠨ ᠶᠠᠳᠠᠪᠠ ᠵᠠᠷᠤᠴᠠ ᠨᠠᠷ ᠲᠤᠨᠢ ᠵᠠᠯᠢ ᠮᠡᠬᠡ ᠭᠠᠷᠭᠠᠪᠠ᠂
26 ᠲᠡᠷᠡ ᠪᠡᠷ ᠵᠠᠷᠤᠴᠠ ᠮᠣᠰᠧ ᠪᠠᠨ ᠰᠣᠩ᠋ᠭᠣᠭᠰᠠᠨ ᠠᠷᠣᠨ ᠢᠶᠠᠨ ᠢᠯᠡᠭᠡᠭᠰᠡᠨ ᠳᠦ᠂
27 ᠲᠡᠳᠡ ᠬᠥᠮᠦᠰ ᠦᠨ ᠳᠤᠮᠳᠠ ᠲᠡᠭᠦᠨ ᠦ ᠲᠡᠮᠳᠡᠭ ᠪᠣᠯᠬᠤ ᠦᠢᠯᠡᠰ ᠢ ᠾᠠᠮ ᠤᠨ ᠨᠤᠲᠤᠭ ᠲᠤ ᠭᠠᠢᠬᠠᠮᠰᠢᠭ ᠤᠳ ᠢ ᠦᠢᠯᠡᠳᠦᠭᠰᠡᠨ᠂
28 ᠶᠣᠬᠣᠸᠠ ᠬᠠᠷᠠᠩ᠋ᠭᠤᠢ ᠶᠢ ᠢᠯᠡᠭᠡᠵᠦ᠂ ᠨᠤᠲᠤᠭ ᠢ ᠨᠢ ᠬᠠᠷᠠᠩ᠋ᠭᠤᠢ ᠪᠣᠯᠭᠠᠭᠰᠠᠨ᠂ ᠲᠡᠳᠡ ᠲᠡᠭᠦᠨ ᠦ ᠦᠭᠡᠰ ᠦᠨ ᠡᠰᠡᠷᠭᠦ ᠲᠡᠷᠰᠯᠡᠭᠰᠡᠨ ᠦᠭᠡᠢ᠂
29 ᠲᠡᠷᠡ ᠤᠰᠤ ᠶᠢ ᠨᠢ ᠴᠢᠰᠤ ᠪᠣᠯᠭᠠᠨ ᠬᠤᠪᠢᠷᠠᠭᠠᠵᠤ ᠵᠢᠭᠠᠰᠤ ᠶᠢ ᠨᠢ ᠦᠬᠦᠭᠦᠯᠪᠡ᠂
30 ᠲᠡᠳᠡᠨ ᠦ ᠨᠤᠲᠤᠭ ᠬᠠᠭᠠᠨ ᠤ ᠬᠢᠨᠢ ᠥᠷᠥᠭᠡ ᠨᠦᠭᠦᠳ ᠬᠦᠷᠲᠡᠯ᠎ᠡ ᠮᠡᠯᠡᠬᠡᠢ ᠪᠠᠷ ᠳᠦᠭᠦᠷᠴᠦ ᠪᠠᠢᠭᠰᠠᠨ᠂
31 ᠲᠡᠷᠡ ᠠᠢᠯᠠᠳᠬᠤ ᠳᠤ᠂ ᠢᠯᠠᠭᠠᠨ ᠰᠦᠷᠦᠭ ᠢᠷᠡᠵᠦ ᠪᠦᠬᠦ ᠨᠤᠲᠤᠭ ᠲᠤᠨᠢ ᠰᠢᠮᠠᠭᠤᠯ ᠣᠷᠣᠭᠰᠠᠨ᠂
32 ᠲᠡᠷᠡ ᠪᠡᠷ ᠨᠤᠲᠤᠭ ᠲᠤᠨᠢ ᠪᠣᠷᠣᠭᠠᠨ ᠤ ᠣᠷᠣᠨ ᠳᠤ ᠮᠥᠨᠳᠥᠷ ᠢ ᠠᠶᠤᠩ᠋ᠭ᠎ᠠ ᠭᠢᠯᠪᠡᠭᠡᠨ ᠲᠡᠢ ᠬᠠᠮᠲᠤ ᠢᠯᠡᠭᠡᠵᠦ᠂
33 ᠦᠵᠦᠮ ᠦᠨ ᠮᠣᠳᠣᠳ᠂ ᠢᠨᠵᠢᠷ ᠤᠨ ᠮᠣᠳᠣᠳ ᠢ ᠨᠢ ᠴᠣᠬᠢᠨ ᠨᠤᠲᠤᠭ ᠤᠨ ᠬᠢᠨᠢ ᠮᠣᠳᠣᠳ ᠢ ᠴᠠᠪᠴᠢᠭᠰᠠᠨ᠂
34 ᠲᠡᠷᠡ ᠠᠢᠯᠠᠳᠬᠤ ᠳᠤ ᠴᠠᠷᠴᠠᠬᠠᠢ ᠲᠣᠭ᠎ᠠ ᠲᠣᠮᠰᠢ ᠦᠭᠡᠢ ᠣᠯᠠᠨ ᠳᠡᠪᠬᠡᠷᠭᠡ ᠢᠷᠡᠵᠦ
35 ᠨᠤᠲᠤᠭ ᠤᠨ ᠬᠢᠨᠢ ᠨᠣᠭᠣᠭᠠᠨ ᠤᠷᠭᠤᠮᠠᠯ ᠪᠦᠭᠦᠳᠡ ᠶᠢ ᠬᠥᠷᠥᠰᠥᠨ ᠦ ᠬᠢᠨᠢ ᠦᠷ᠎ᠡ ᠵᠢᠮᠢᠰ ᠢ ᠴᠥᠯᠮᠥᠭᠰᠡᠨ᠂
36 ᠲᠡᠷᠡ ᠪᠡᠷ ᠨᠤᠲᠤᠭ ᠤᠨ ᠬᠢᠨᠢ ᠪᠦᠬᠦ ᠤᠤᠭᠠᠨ ᠬᠥᠪᠡᠭᠦᠨ ᠢ ᠡᠷᠴᠢ ᠬᠦᠴᠦ ᠶᠢᠨ ᠬᠢᠨᠢ ᠠᠩ᠋ᠬᠠᠨ ᠤ ᠦᠷ᠎ᠡ ᠵᠢᠮᠢᠰ ᠢ ᠴᠣᠬᠢᠭᠰᠠᠨ᠂
37 ᠲᠡᠭᠡᠭᠡᠳ ᠠᠷᠠᠳ ᠲᠦᠮᠡᠨ ᠢᠶᠡᠨ ᠠᠯᠲᠠ ᠮᠥᠩᠭᠥ ᠲᠠᠢ ᠭᠠᠷᠭᠠᠭᠰᠠᠨ ᠣᠪᠣᠭ ᠤᠳ ᠤᠨ ᠬᠢᠨᠢ ᠳᠤᠮᠳᠠ ᠳᠣᠷᠣᠢ ᠬᠥᠮᠦᠨ ᠪᠠᠢᠭ᠎ᠠ ᠦᠭᠡᠢ᠂
38 ᠲᠡᠳᠡᠨ ᠡᠴᠡ ᠠᠶᠤᠭᠰᠠᠨ ᠶᠧᠵᠢᠫᠲ ᠲᠡᠳᠡ ᠭᠠᠷᠬᠤ ᠳᠤ ᠪᠠᠶᠠᠷᠯᠠᠭᠰᠠᠨ᠂
39 ᠶᠣᠬᠣᠸᠠ ᠡᠭᠦᠯᠡᠰ ᠢ ᠪᠦᠷᠬᠦᠭᠦᠯ ᠪᠣᠯᠭᠠᠨ ᠳᠡᠯᠭᠡᠵᠦ ᠭᠠᠯ ᠢ ᠰᠥᠨᠢ ᠶᠢᠨ ᠭᠡᠷᠡᠯ ᠪᠣᠯᠭᠠᠨ ᠰᠣᠶᠣᠷᠬᠠᠵᠠᠢ᠂
40 ᠲᠡᠳᠡ ᠭᠤᠶᠤᠬᠤ ᠳᠤ᠂ ᠲᠡᠷᠡ ᠪᠥᠳᠥᠨ᠎ᠡ ᠰᠢᠪᠠᠭᠤ ᠶᠢ ᠠᠪᠴᠢᠷᠠᠭᠰᠠᠨ ᠲᠩᠷᠢ ᠶᠢᠨ ᠬᠦᠨᠡᠰᠦ ᠪᠡᠷ ᠬᠠᠩ᠋ᠭᠠᠭᠰᠠᠨ᠂
41 ᠬᠠᠳᠠ ᠶᠢ ᠬᠠᠭᠠᠯᠬᠤ ᠳᠤᠨᠢ ᠤᠰᠤ ᠪᠤᠷᠭᠢᠯᠤᠨ ᠭᠠᠷᠴᠤ ᠬᠠᠭᠤᠷᠠᠢ ᠭᠠᠵᠠᠷ ᠤᠳ ᠢᠶᠠᠷ ᠭᠣᠣᠯ ᠮᠡᠲᠦ ᠤᠷᠤᠰᠤᠭᠰᠠᠨ᠂
42 ᠡᠢᠨ ᠬᠦ ᠲᠡᠷᠡ ᠪᠡᠷ ᠠᠷᠢᠭᠤᠨ ᠠᠮᠠᠯᠠᠯᠲᠠ ᠪᠠᠨ᠂ ᠵᠠᠷᠤᠴᠠ ᠠᠪᠷᠠᠬᠠᠮ ᠢᠶᠠᠨ ᠰᠠᠨᠠᠵᠤ
43 ᠠᠷᠠᠳ ᠲᠦᠮᠡᠨ ᠢᠶᠡᠨ ᠭᠠᠷᠭᠠᠭᠰᠠᠨ ᠳᠤ᠂ ᠲᠡᠳᠡ ᠪᠠᠶᠠᠰᠪᠠ᠂ ᠰᠢᠯᠢᠭᠰᠡᠨ ᠬᠥᠮᠦᠰ ᠢᠶᠡᠨ ᠠᠪᠴᠢᠷᠠᠭᠰᠠᠨ ᠳᠤ᠂ ᠲᠡᠳᠡ ᠤᠤᠬᠠᠢᠯᠠᠪᠠ᠂
44 ᠲᠡᠳᠡᠨ ᠳᠦ ᠬᠠᠷᠢᠴᠤᠳ ᠤᠨ ᠨᠤᠲᠤᠭ ᠢ ᠰᠣᠶᠣᠷᠬᠠᠭᠰᠠᠨ ᠳᠤ ᠲᠡᠳᠡ ᠦᠨᠳᠦᠰᠦᠲᠡᠨ ᠨᠦᠭᠦᠳ ᠦᠨ ᠬᠥᠳᠡᠯᠮᠦᠷᠢᠯᠡᠭᠰᠡᠨ ᠢ ᠡᠵᠡᠮᠰᠢᠭᠰᠡᠨ ᠪᠢᠯᠡ᠂
45 ᠡᠢᠮᠦ ᠡᠴᠡ ᠲᠡᠳᠡ ᠲᠡᠭᠦᠨ ᠦ ᠲᠣᠭᠲᠠᠭᠠᠯ ᠤᠳ ᠢ ᠰᠠᠬᠢᠨ ᠲᠡᠭᠦᠨ ᠦ ᠬᠠᠤᠯᠢ ᠶᠢ ᠪᠡᠶᠡᠯᠡᠭᠦᠯᠬᠦ ᠶᠣᠰᠣᠲᠠᠢ ᠶᠣᠬᠣᠸᠠ ᠶᠢ ᠮᠠᠭᠲᠠᠭᠲᠤᠨ᠃