1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠴᠢᠨ ᠲᠠᠪᠤ
 ᠠᠭᠤᠤ ᠪᠤᠷᠬᠠᠨ ᠢ ᠮᠠᠭᠲᠠᠭᠲᠤᠨ
 ᠳ᠋ᠠᠸᠢᠳ᠋ ᠤᠨ ᠮᠠᠭᠲᠠᠭᠠᠯ᠃

1 ᠬᠠᠭᠠᠨ ᠪᠤᠷᠬᠠᠨ ᠮᠢᠨᠢ᠂ ᠪᠢ ᠲᠠᠨ ᠢ ᠡᠷᠭᠦᠮᠵᠢᠯᠡᠵᠦ ᠲᠠᠨ ᠤ ᠨᠡᠷ᠎ᠡ ᠶᠢ ᠡᠭᠦᠷᠢᠳᠡ ᠮᠥᠩᠬᠡᠳᠡ ᠳᠡᠭᠡᠳᠦᠯᠡᠨ᠎ᠡ
2 ᠡᠳᠦᠷ ᠪᠦᠷᠢ ᠪᠢ ᠲᠠᠨ ᠢ ᠳᠡᠭᠡᠳᠦᠯᠡᠵᠦ ᠲᠠᠨ ᠤ ᠨᠡᠷ᠎ᠡ ᠶᠢ ᠡᠭᠦᠷᠢᠳᠡ ᠮᠥᠩᠬᠡᠳᠡ ᠮᠠᠭᠲᠠᠨ᠎ᠠ᠂
3 ᠶᠣᠬᠣᠸᠠ ᠠᠭᠤᠤ᠂ ᠲᠡᠷᠡ ᠶᠡᠬᠡᠳᠡ ᠮᠠᠭᠲᠠᠭᠳᠠᠬᠤ ᠤᠴᠢᠷᠲᠠᠢ᠂ ᠠᠭᠤᠤ ᠪᠠᠢᠳᠠᠯ ᠨᠢ ᠬᠡᠮᠵᠢᠶᠡᠯᠡᠰᠢ ᠦᠭᠡᠢ᠂
4 ᠨᠢᠭᠡ ᠦᠶ᠎ᠡ ᠶᠢᠨ ᠬᠢᠨ ᠲᠠᠨ ᠤ ᠦᠢᠯᠡᠰ ᠢ ᠨᠥᠭᠥᠭᠡ ᠦᠶ᠎ᠡ ᠶᠢᠨ ᠬᠢᠨ ᠳᠡᠭᠡᠨ ᠱᠠᠭᠰᠢᠵᠤ ᠲᠠᠨ ᠤ ᠬᠦᠴᠦᠲᠦ ᠦᠢᠯᠡᠰ ᠢ ᠮᠡᠳᠡᠭᠦᠯᠦᠨ᠎ᠡ
5 ᠲᠠᠨ ᠤ ᠵᠢᠪᠬᠤᠯᠠᠩᠲᠤ ᠢᠷᠠᠭᠤ ᠠᠯᠳᠠᠷ ᠢ ᠲᠠᠨ ᠤ ᠭᠠᠢᠬᠠᠮᠰᠢᠭᠲᠤ ᠦᠢᠯᠡᠰ ᠢ ᠪᠢ ᠲᠤᠩ᠋ᠭᠠᠨ᠎ᠠ
6 ᠬᠥᠮᠦᠰ ᠲᠠᠨ ᠤ ᠠᠶᠤᠮᠰᠢᠭᠲᠤ ᠬᠦᠴᠦ ᠶᠢ ᠶᠠᠷᠢᠬᠤ ᠳᠤ ᠪᠢ ᠲᠠᠨ ᠤ ᠠᠭᠤᠤ ᠶᠢ ᠲᠤᠩ᠋ᠬᠠᠭᠯᠠᠨ᠎ᠠ᠂
7 ᠲᠡᠳᠡ ᠲᠠᠨ ᠤ ᠦᠯᠡᠮᠵᠢ ᠰᠠᠢᠨ ᠢ ᠳᠤᠷᠠᠰᠤᠨ ᠭᠡᠷᠡᠴᠢᠯᠡᠵᠦ ᠲᠠᠨ ᠤ ᠵᠥᠪ ᠢ ᠪᠠᠶᠠᠷ ᠲᠠᠢ ᠪᠠᠷ ᠳᠠᠭᠤᠯᠠᠬᠤ ᠪᠣᠯᠲᠤᠭᠠᠢ᠃

8 ᠶᠣᠬᠣᠸᠠ ᠥᠷᠥᠰᠢᠶᠡᠩᠭᠦᠢ᠂ ᠨᠢᠭᠦᠯᠡᠰᠦᠯ ᠲᠡᠢ᠂ ᠠᠭᠤᠷᠯᠠᠬᠤ ᠳᠠᠭᠠᠨ ᠤᠳᠠᠭᠠᠨ ᠬᠠᠢᠷ᠎ᠠ ᠪᠠᠷ ᠪᠢᠯᠬᠠᠮ᠎ᠠ ᠶᠤᠮ᠂
9 ᠶᠣᠬᠣᠸᠠ ᠪᠦᠭᠦᠳᠡ ᠳᠦ ᠰᠠᠢᠨ ᠪᠦᠲᠦᠭᠡᠭᠰᠡᠨ ᠪᠦᠭᠦᠳᠡ ᠳᠡᠭᠡᠨ ᠥᠷᠥᠰᠢᠶᠡᠩᠭᠦᠢ᠂
10 ᠶᠣᠬᠣᠸᠠ᠂ ᠲᠠᠨ ᠤ ᠪᠦᠲᠦᠭᠡᠭᠰᠡᠨ ᠪᠦᠬᠦᠨ ᠲᠠᠨ ᠳᠤ ᠲᠠᠯᠠᠷᠬᠠᠨ᠎ᠠ ᠲᠠᠨ ᠳᠤ ᠦᠨᠡᠨᠴᠢ ᠬᠥᠮᠦᠰ ᠲᠠᠨ ᠢ ᠳᠡᠭᠡᠳᠦᠯᠡᠨ᠎ᠡ᠂
11 ᠲᠡᠳᠡ ᠬᠠᠭᠠᠨᠴᠢᠯᠠᠯ ᠤᠨ ᠲᠠᠨᠢ ᠵᠢᠪᠬᠤᠯᠠᠩ ᠤᠨ ᠲᠤᠬᠠᠢ ᠶᠠᠷᠢᠵᠤ ᠲᠠᠨ ᠤ ᠰᠦᠷ ᠬᠦᠴᠦ ᠶᠢᠨ ᠲᠠᠯ᠎ᠠ ᠪᠠᠷ ᠥᠭᠦᠯᠡᠨ
12 ᠲᠠᠨ ᠤ ᠬᠦᠴᠦᠲᠦ ᠦᠢᠯᠡᠰ ᠢ᠂ ᠲᠠᠨ ᠤ ᠬᠠᠭᠠᠨᠴᠢᠯᠠᠯ ᠤᠨ ᠰᠦᠷ ᠵᠢᠪᠬᠤᠯᠠᠩ ᠢ᠂ ᠬᠥᠮᠦᠨ ᠦ ᠬᠥᠪᠡᠭᠦᠳ ᠲᠦ ᠮᠡᠳᠡᠭᠦᠯᠦᠨ᠎ᠡ᠂
13 ᠲᠠᠨ ᠤ ᠬᠠᠭᠠᠨᠴᠢᠯᠠᠯ ᠮᠥᠩᠬᠡ ᠶᠢᠨ ᠬᠠᠭᠠᠨᠴᠢᠯᠠᠯ᠂ ᠲᠠᠨ ᠤ ᠨᠣᠶᠠᠷᠬᠠᠯ ᠦᠶ᠎ᠡ ᠶᠢᠨ ᠦᠶ᠎ᠡ ᠳᠦ᠃

14 ᠶᠣᠬᠣᠸᠠ ᠤᠨᠠᠵᠤ ᠪᠠᠢᠭ᠎ᠠ ᠪᠦᠬᠦᠨ ᠢ ᠲᠦᠰᠢᠨ ᠤᠷᠮ᠎ᠠ ᠬᠤᠭᠤᠷᠠᠭᠰᠠᠨ ᠪᠦᠬᠦᠨ ᠢ ᠪᠣᠰᠬᠠᠨ᠎ᠠ᠂
15 ᠪᠦᠬᠦᠨ ᠦ ᠨᠢᠳᠦ ᠲᠠᠨ ᠢ ᠰᠢᠷᠲᠡᠨ ᠬᠦᠯᠢᠶᠡᠬᠦ ᠳᠦ᠂ ᠲᠠ ᠴᠠᠭ ᠲᠠᠭᠠᠨ ᠬᠦᠨᠡᠰᠦ ᠶᠢ ᠨᠢ ᠬᠦᠷᠲᠡᠭᠡᠨ᠎ᠡ᠂
16 ᠠᠯᠠᠭ᠎ᠠ ᠪᠠᠨ ᠳᠡᠯᠭᠡᠨ ᠠᠮᠢᠳᠤ ᠪᠦᠬᠦᠨ ᠦ ᠬᠦᠰᠡᠯ ᠢ ᠬᠠᠩ᠋ᠭᠠᠨ᠎ᠠ᠃

17 ᠶᠣᠬᠣᠸᠠ ᠶᠢᠨ ᠪᠦᠬᠦ ᠵᠠᠮ ᠵᠥᠪ᠂ ᠪᠦᠬᠦ ᠦᠢᠯᠡ ᠨᠢ ᠦᠨᠡᠨᠴᠢ᠂
18 ᠶᠣᠬᠣᠸᠠ ᠥᠪᠡᠷ ᠢ ᠨᠢ ᠳᠠᠭᠤᠳᠠᠭᠴᠢ ᠪᠦᠬᠦᠨ ᠳᠦ ᠥᠪᠡᠷ ᠢ ᠨᠢ ᠦᠨᠡᠨᠴᠢ ᠪᠠᠷ ᠳᠠᠭᠤᠳᠠᠭᠴᠢ ᠪᠦᠬᠦᠨ ᠳᠦ ᠣᠢᠷ᠎ᠠ ᠪᠠᠢᠭᠰᠠᠭᠠᠷ
19 ᠥᠪᠡᠷ ᠡᠴᠡ ᠨᠢ ᠡᠮᠢᠶᠡᠭᠴᠢᠳ ᠤᠨ ᠬᠦᠰᠡᠯ ᠢ ᠪᠡᠶᠡᠯᠡᠭᠦᠯᠦᠨ᠎ᠡ ᠣᠷᠢᠯᠠᠬᠤ ᠶᠢ ᠨᠢ ᠰᠣᠨᠣᠰᠴᠤ᠂ ᠲᠡᠳᠡᠨ ᠢ ᠠᠪᠤᠷᠠᠨ᠎ᠠ᠂
20 ᠶᠣᠬᠣᠸᠠ ᠥᠪᠡᠷ ᠢ ᠨᠢ ᠬᠠᠢᠷᠠᠯᠠᠳᠠᠭ ᠪᠦᠭᠦᠳᠡ ᠶᠢ ᠬᠠᠮᠠᠭᠠᠯᠠᠵᠤ ᠠᠯᠢᠪᠠ ᠪᠤᠷᠤᠭᠤᠲᠠᠨ ᠢ ᠰᠥᠨᠥᠭᠡᠬᠦ ᠪᠣᠯᠣᠨ᠎ᠠ᠂
21 ᠠᠮᠠ ᠮᠢᠨᠢ ᠶᠣᠬᠣᠸᠠ ᠶᠢ ᠮᠠᠭᠲᠠᠨ ᠶᠠᠷᠢᠨ᠎ᠠ ᠠᠷᠢᠭᠤᠨ ᠨᠡᠷ᠎ᠡ ᠶᠢ ᠨᠢ ᠮᠢᠬᠠᠨ ᠪᠡᠶᠡᠲᠦ ᠪᠦᠬᠦᠨ ᠡᠭᠦᠷᠢᠳᠡ ᠮᠥᠩᠬᠡᠳᠡ ᠮᠠᠭᠲᠠᠬᠤ ᠪᠣᠯᠲᠤᠭᠠᠢ᠃