ᠳᠠᠭᠤᠯᠠᠯ ᠵᠢᠷᠠᠨ ᠵᠢᠷᠭᠤᠭ᠎ᠠ
ᠭᠠᠢᠬᠠᠮᠰᠢᠭᠲᠠᠢ ᠤᠳᠤᠷᠢᠳᠤᠯᠭᠠᠨ ᠳᠤ ᠲᠠᠯᠠᠷᠬᠠᠬᠤ
ᠳᠠᠭᠤᠯᠠᠯ᠂ ᠳᠠᠭᠤᠤ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠪᠦᠬᠦ ᠳᠡᠯᠡᠬᠡᠢ᠂ ᠪᠤᠷᠬᠠᠨ ᠳᠤ ᠪᠠᠶᠠᠷ ᠲᠠᠢ ᠪᠠᠷ ᠬᠠᠰᠬᠢᠷ᠃
2 ᠨᠡᠷ᠎ᠡ ᠶᠢᠨ ᠬᠢᠨᠢ ᠠᠯᠳᠠᠷ ᠢ ᠳᠠᠭᠤᠯᠠᠵᠤ ᠠᠯᠳᠠᠷ ᠮᠠᠭᠲᠠᠭᠠᠯ ᠢ ᠲᠡᠭᠦᠨ ᠳᠦ ᠡᠷᠭᠦ᠃
3 ᠲᠠ ᠨᠠᠷ ᠪᠤᠷᠬᠠᠨ ᠳᠤ ᠶᠠᠷᠢ᠄ 《ᠲᠠᠨ ᠤ ᠦᠢᠯᠡᠰ ᠶᠠᠭᠤᠲᠠᠢ ᠭᠠᠢᠬᠠᠮᠰᠢᠭᠲᠠᠢ︕ ᠲᠠᠨ ᠤ ᠬᠦᠴᠦ ᠠᠭᠤᠤ᠂ ᠲᠠᠨ ᠤ ᠳᠠᠢᠰᠤᠨ ᠨᠤᠭᠤᠳ ᠲᠠᠨ ᠤ ᠡᠮᠦᠨ᠎ᠡ ᠪᠥᠬᠥᠢᠨ᠎ᠡ᠃
4 ᠪᠦᠬᠦ ᠳᠡᠯᠡᠬᠡᠢ ᠲᠠᠨ ᠳᠤ ᠮᠥᠷᠭᠥᠵᠦ ᠲᠠᠨ ᠢ ᠮᠠᠭᠲᠠᠨ᠎ᠠ ᠲᠠᠨ ᠤ ᠨᠡᠷ᠎ᠡ ᠶᠢ ᠮᠠᠭᠲᠠᠨ᠎ᠠ᠃》
ᠰᠧᠯᠠ
5 ᠲᠠ ᠨᠠᠷ ᠢᠷᠡᠭᠡᠳ ᠪᠤᠷᠬᠠᠨ ᠤ ᠦᠢᠯᠡᠰ ᠢ ᠦᠵᠡ ᠬᠥᠮᠦᠨ ᠦ ᠬᠥᠪᠡᠭᠦᠳ ᠦᠨ ᠲᠥᠯᠥᠭᠡ ᠬᠢᠭᠰᠡᠨ ᠨᠢ ᠭᠠᠢᠬᠠᠮᠰᠢᠭᠲᠠᠢ᠃
6 ᠲᠡᠷᠡ ᠳᠠᠯᠠᠢ ᠶᠢ ᠬᠠᠭᠤᠷᠠᠢ ᠭᠠᠵᠠᠷ ᠪᠣᠯᠭᠠᠪᠠ ᠲᠡᠳᠡ ᠶᠠᠪᠠᠭᠠᠨ ᠠᠯᠬᠤᠵᠤ ᠭᠣᠣᠯ ᠢ ᠭᠠᠲᠤᠯᠪᠠ ᠲᠡᠢᠮᠦ ᠡᠴᠡ ᠪᠢᠳᠡ ᠲᠡᠭᠦᠨ ᠦ ᠤᠯᠠᠮ ᠢᠶᠠᠷ ᠪᠠᠶᠠᠷᠯᠠᠵᠠᠭᠠᠶ᠎ᠠ︕
7 ᠲᠡᠷᠡ ᠪᠣᠯ ᠰᠦᠷ ᠬᠦᠴᠦ ᠪᠡᠷ ᠢᠶᠠᠨ ᠮᠥᠩᠬᠡᠳᠡ ᠵᠠᠬᠢᠷᠤᠭᠴᠢ ᠲᠡᠭᠦᠨ ᠦ ᠮᠡᠯᠮᠡᠢ ᠦᠨᠳᠦᠰᠦᠲᠡᠨ ᠨᠦᠭᠦᠳ ᠢ ᠬᠠᠷᠠᠭᠤᠯᠳᠠᠭᠰᠠᠭᠠᠷ ᠪᠠᠢᠨ᠎ᠠ᠂ ᠲᠡᠷᠰᠯᠡᠭᠴᠢᠳ ᠪᠦᠦ ᠡᠷᠭᠦᠮᠵᠢᠯᠡᠭᠳᠡᠭ᠌᠃
ᠰᠧᠯᠠ
8 ᠦᠨᠳᠦᠰᠦᠲᠡᠨ ᠨᠦᠭᠦᠳ ᠡ᠂ ᠪᠢᠳᠡᠨ ᠦ ᠪᠤᠷᠬᠠᠨ ᠢ ᠮᠠᠭᠲᠠ᠂ ᠮᠠᠭᠲᠠᠭᠠᠯ ᠤᠨ ᠳᠠᠭᠤᠤ ᠶᠢ ᠲᠡᠭᠦᠨ ᠳᠦ ᠰᠣᠨᠣᠰᠬᠠᠭᠲᠤᠨ᠃
9 ᠲᠡᠷᠡ ᠪᠣᠯ ᠪᠢᠳᠡᠨ ᠢ ᠠᠮᠢᠳᠤ ᠪᠠᠢᠯᠭᠠᠭᠴᠢ᠂ ᠪᠢᠳᠡᠨ ᠦ ᠬᠥᠯ ᠠᠯᠳᠠᠬᠤ ᠶᠢ ᠲᠡᠷᠡ ᠵᠥᠪᠰᠢᠶᠡᠷᠡᠳᠡᠭ᠌ ᠦᠭᠡᠢ᠃
10 ᠪᠤᠷᠬᠠᠨ᠂ ᠲᠠ ᠪᠢᠳᠡᠨ ᠢ ᠰᠣᠷᠢᠬᠤ ᠳᠠᠭᠠᠨ ᠮᠥᠩᠭᠥ ᠶᠢ ᠴᠡᠪᠡᠷᠰᠢᠭᠦᠯᠳᠡᠭ᠌ ᠰᠢᠭ ᠴᠡᠪᠡᠷᠰᠢᠭᠦᠯᠦᠭᠰᠡᠨ
11 ᠪᠢᠳᠡᠨ ᠢ ᠲᠣᠣᠷ ᠲᠤ ᠣᠷᠣᠭᠤᠯᠤᠭᠰᠠᠨ ᠨᠢᠷᠤᠭᠤᠨ ᠳᠡᠭᠡᠷ᠎ᠡ ᠮᠢᠨᠢ ᠠᠴᠢᠶ᠎ᠠ ᠡᠭᠦᠷᠦᠭᠦᠯᠦᠭᠰᠡᠨ᠃
12 ᠪᠢᠳᠡᠨ ᠦ ᠲᠣᠯᠣᠭᠠᠢ ᠳᠡᠭᠡᠷ᠎ᠡ ᠬᠥᠮᠦᠰ ᠢ ᠤᠨᠤᠭᠤᠯᠵᠤ ᠪᠢᠳᠡ ᠭᠠᠯ ᠪᠠ ᠤᠰᠤᠨ ᠳᠤᠮᠳᠠᠭᠤᠷ ᠥᠩᠭᠡᠷᠡᠭᠰᠡᠨ ᠪᠢᠯᠡ᠂ ᠭᠡᠪᠡᠴᠦ ᠲᠠ ᠪᠢᠳᠡᠨ ᠢ ᠡᠯᠪᠡᠭ ᠬᠠᠩ᠋ᠭᠠᠯᠤᠭᠤᠨ ᠳᠤ ᠠᠪᠴᠢᠷᠠᠭᠰᠠᠨ᠃
13 ᠪᠢ ᠲᠠᠨ ᠤ ᠥᠷᠭᠥᠭᠡᠨ ᠳᠦ ᠰᠢᠲᠠᠭᠠᠯᠭᠠᠲᠤ ᠲᠠᠬᠢᠯ ᠠᠪᠠᠴᠢᠵᠤ ᠲᠠᠨ ᠳᠤ ᠲᠠᠩ᠋ᠭᠠᠷᠢᠭᠯᠠᠭᠰᠠᠨ ᠢᠶᠠᠨ᠂
14 ᠵᠣᠪᠠᠯᠠᠩ ᠤᠨ ᠳᠤᠮᠳᠠ ᠣᠷᠣᠭᠤᠯ ᠢᠶᠠᠨ ᠨᠡᠭᠡᠭᠡᠵᠦ ᠠᠮᠠ ᠪᠠᠷ ᠢᠶᠠᠨ ᠶᠠᠷᠢᠭᠰᠠᠨ ᠢᠶᠠᠨ ᠪᠡᠶᠡᠯᠡᠭᠦᠯᠬᠦ ᠪᠡᠷ
15 ᠲᠠᠷᠭᠤᠨ ᠮᠠᠯ ᠢ ᠰᠢᠲᠠᠭᠠᠯᠭᠠᠲᠤ ᠲᠠᠬᠢᠯ ᠢᠶᠠᠷ ᠬᠤᠴᠠ ᠶᠢ ᠠᠩᠬᠢᠯᠤᠭᠤᠨ ᠦᠨᠦᠷ ᠢᠶᠡᠷ ᠡᠷᠭᠦᠨ᠎ᠡ ᠪᠤᠬ᠎ᠠ ᠶᠢ ᠤᠬᠤᠨ᠎ᠠ ᠲᠠᠢ ᠬᠠᠮᠲᠤ ᠡᠷᠭᠦᠨ᠎ᠡ᠃
ᠰᠧᠯᠠ
16 ᠪᠤᠷᠬᠠᠨ ᠠᠴᠠ ᠡᠮᠢᠶᠡᠭᠴᠢ ᠪᠦᠭᠦᠳᠡ ᠡ᠂ ᠢᠷᠡᠭᠡᠳ ᠰᠣᠨᠣᠰ ᠪᠢ ᠲᠡᠭᠦᠨ ᠦ ᠨᠠᠳᠠ ᠳᠤ ᠶᠠᠭᠤ ᠦᠢᠯᠡᠳᠦᠭᠰᠡᠨ ᠢ ᠬᠡᠯᠡᠵᠦ ᠥᠭᠭᠥᠶ᠎ᠡ᠂
17 ᠪᠢ ᠠᠮᠠ ᠪᠠᠷ ᠢᠶᠠᠨ ᠲᠡᠭᠦᠨ ᠤᠷᠤᠭᠤ ᠬᠠᠰᠬᠢᠷᠤᠨ ᠬᠡᠯᠡ ᠪᠡᠷ ᠢᠶᠠᠨ ᠲᠡᠭᠦᠨ ᠢ ᠳᠡᠭᠡᠳᠦᠯᠡᠭᠰᠡᠨ᠂
18 ᠬᠡᠷᠪᠡ ᠪᠢ ᠵᠢᠷᠦᠬᠡᠨ ᠳᠡᠭᠡᠨ ᠬᠣᠷᠣᠨ ᠮᠠᠭᠤ ᠶᠢ ᠠᠭᠤᠯᠤᠭᠰᠠᠨ ᠪᠣᠯ ᠶᠣᠬᠣᠸᠠ ᠰᠣᠨᠣᠰᠬᠤ ᠦᠭᠡᠢ ᠪᠠᠢᠬᠤ ᠰᠠᠨ᠂
19 ᠬᠠᠷᠢᠨ ᠪᠤᠷᠬᠠᠨ ᠦᠨᠡᠬᠡᠷ ᠰᠣᠨᠣᠰᠴᠠᠢ ᠭᠤᠶᠤᠯᠲᠠ ᠶᠢᠨ ᠮᠢᠨᠢ ᠳᠠᠭᠤ ᠳᠤ ᠴᠢᠬᠢ ᠲᠠᠯᠪᠢᠵᠠᠢ᠂
20 ᠪᠤᠷᠬᠠᠨ ᠮᠠᠭᠲᠠᠭᠳᠠᠬᠤ ᠪᠣᠯᠲᠤᠭᠠᠢ᠂ ᠲᠡᠷᠡ ᠭᠤᠶᠤᠯᠲᠠ ᠶᠢ ᠮᠢᠨᠢ ᠵᠠᠢᠯᠠᠭᠤᠯᠳᠠᠭ ᠦᠭᠡᠢ ᠦᠨᠡᠨ ᠬᠠᠢᠷ᠎ᠠ ᠪᠠᠨ ᠨᠠᠳᠠ ᠠᠴᠠ ᠰᠠᠯᠭᠠᠳᠠᠭ ᠦᠭᠡᠢ᠃