ᠳᠠᠭᠤᠯᠠᠯ ᠵᠠᠭᠤ ᠵᠢᠷᠭᠤᠭ᠎ᠠ
ᠡᠨᠡᠷᠢᠩᠭᠦᠢ ᠶᠣᠬᠣᠸᠠ ᠬᠢᠭᠡᠳ ᠢᠲᠡᠭᠡᠮᠵᠢ ᠦᠭᠡᠢ ᠢᠰᠷᠧᠯ
1 ᠶᠣᠬᠣᠸᠠ ᠶᠢ ᠮᠠᠭᠲᠠ ᠶᠣᠬᠣᠸᠠ ᠳᠤ ᠲᠠᠯᠠᠷᠬ᠎ᠠ᠂ ᠲᠡᠷᠡ ᠰᠠᠢᠨ᠂ ᠦᠨᠡᠨ ᠬᠠᠢᠷ᠎ᠠ ᠨᠢ ᠡᠭᠦᠷᠢᠳᠡ ᠶᠢᠨ ᠬᠢ︕
2 ᠬᠡᠨ ᠶᠣᠬᠣᠸᠠ ᠶᠢᠨ ᠬᠦᠴᠦᠲᠦ ᠦᠢᠯᠡᠰ ᠢ ᠥᠭᠦᠯᠡᠵᠦ ᠬᠡᠨ ᠲᠡᠭᠦᠨ ᠦ ᠠᠯᠳᠠᠷ ᠢ ᠪᠦᠬᠦᠨ ᠢ ᠢᠯᠡᠷᠬᠡᠶᠢᠯᠡᠵᠦ ᠴᠢᠳᠠᠬᠤ ᠪᠤᠢ︖
3 ᠰᠢᠳᠤᠷᠭᠤ ᠶᠢ ᠰᠠᠬᠢᠭᠴᠢᠳ ᠵᠥᠪ ᠢ ᠢᠮᠠᠭᠲᠠ ᠦᠢᠯᠡᠳᠦᠭᠴᠢᠳ ᠪᠤᠶᠠᠨ ᠲᠠᠢ᠂
4 ᠶᠣᠬᠣᠸᠠ᠂ ᠠᠷᠠᠳ ᠲᠦᠮᠡᠨ ᠢᠶᠡᠨ ᠡᠨᠡᠷᠢᠬᠦ ᠳᠡᠭᠡᠨ ᠨᠠᠮᠠᠶᠢ ᠰᠠᠨᠠᠵᠤ ᠲᠡᠳᠡᠨ ᠢ ᠠᠪᠤᠷᠠᠬᠤ ᠳᠠᠭᠠᠨ ᠨᠠᠮᠠᠶᠢ ᠠᠩ᠋ᠬᠠᠷᠤᠭᠠᠴᠢ᠂
5 ᠲᠠᠨ ᠳᠤ ᠰᠣᠩ᠋ᠭᠣᠭᠳᠠᠭᠰᠠᠳ ᠤᠨ ᠰᠠᠢᠨ ᠰᠠᠢᠬᠠᠨ ᠢ ᠪᠢ ᠬᠠᠷᠠᠬᠤ ᠶᠤᠮ ᠰᠠᠨ᠂ ᠲᠠᠨ ᠤ ᠦᠨᠳᠦᠰᠦᠲᠡᠨ ᠦ ᠪᠠᠶᠠᠷ ᠢᠶᠠᠷ ᠪᠢ ᠪᠠᠶᠠᠷᠯᠠᠬᠤ ᠰᠠᠨ ᠲᠠᠨ ᠤ ᠥᠮᠴᠢ ᠲᠠᠢ ᠬᠠᠮᠲᠤ ᠪᠠᠬᠠᠷᠬᠠᠬᠤ ᠰᠠᠨ᠃
6 ᠪᠢᠳᠡ ᠡᠴᠢᠭᠡ ᠡᠪᠦᠭᠡᠳ ᠦᠨ ᠢᠶᠠᠨ ᠠᠳᠠᠯᠢ ᠨᠢᠭᠦᠯ ᠦᠢᠯᠡᠳᠴᠦ᠂ ᠪᠤᠷᠤᠭᠤ ᠶᠢ ᠦᠢᠯᠡᠳᠦᠨ ᠭᠡᠮ ᠲᠡᠢ ᠪᠣᠯᠪᠠ᠂
7 ᠪᠢᠳᠡᠨ ᠦ ᠡᠴᠢᠭᠡ ᠡᠪᠦᠭᠡᠳ ᠶᠧᠵᠢᠫᠲ ᠲᠤ ᠲᠠᠨ ᠤ ᠭᠠᠢᠬᠠᠮᠰᠢᠭ ᠤᠳ ᠢ ᠤᠬᠠᠭᠠᠷᠠᠭᠰᠠᠨ ᠦᠭᠡᠢ ᠲᠠᠨ ᠤ ᠦᠯᠡᠮᠵᠢ ᠡᠨᠡᠷᠢᠯ ᠢ ᠰᠠᠨᠠᠯ ᠦᠭᠡᠢ ᠲᠠᠩᠭᠢᠰ᠂ ᠤᠯᠠᠭᠠᠨ ᠲᠠᠩᠭᠢᠰ ᠤᠨ ᠳᠡᠷᠭᠡᠳᠡ ᠲᠡᠷᠰᠯᠡᠭᠰᠡᠨ᠃
8 ᠭᠡᠪᠡᠴᠦ ᠶᠣᠬᠣᠸᠠ ᠥᠪᠡᠷ ᠦᠨ ᠢᠶᠠᠨ ᠨᠡᠷ᠎ᠡ ᠶᠢᠨ ᠲᠥᠯᠥᠭᠡ ᠬᠦᠴᠦᠲᠦ ᠦᠢᠯᠡᠰ ᠢᠶᠡᠨ ᠮᠡᠳᠡᠭᠦᠯᠬᠦ ᠭᠡᠵᠦ ᠲᠡᠳᠡᠨ ᠢ ᠠᠪᠤᠷᠠᠭᠰᠠᠨ᠂
9 ᠤᠯᠠᠭᠠᠨ ᠲᠠᠩᠭᠢᠰ ᠢ ᠵᠢᠮᠡᠯᠡᠬᠦ ᠳᠦ᠂ ᠤᠰᠤ ᠨᠢ ᠰᠢᠷᠭᠢᠪᠡ ᠤᠳᠤᠷᠢᠳᠤᠯᠭ᠎ᠠ ᠪᠠᠷ ᠨᠢ ᠲᠡᠳᠡ ᠭᠦᠨ ᠢ ᠴᠥᠯ ᠮᠡᠲᠦ ᠭᠠᠲᠤᠯᠪᠠ᠃
10 ᠲᠡᠢᠨ ᠬᠦ ᠶᠣᠬᠣᠸᠠ ᠲᠡᠳᠡᠨ ᠢ ᠦᠵᠡᠨ ᠶᠠᠳᠠᠭᠴᠢ ᠶᠢᠨ ᠭᠠᠷ ᠠᠴᠠ ᠠᠪᠤᠷᠠᠭᠰᠠᠨ ᠥᠰᠲᠡᠨ ᠦ ᠭᠠᠷ ᠠᠴᠠ ᠵᠣᠯᠢᠨ ᠠᠪᠤᠭᠰᠠᠨ᠃
11 ᠤᠰᠤ ᠳᠠᠢᠰᠤᠨ ᠨᠤᠭᠤᠳ ᠢ ᠨᠢ ᠨᠥᠮᠥᠷᠴᠦ ᠨᠢᠭᠡ ᠶᠢ ᠴᠤ ᠦᠯᠡᠳᠡᠭᠡᠭᠰᠡᠨ ᠦᠭᠡᠢ᠃
12 ᠠᠷᠠᠳ ᠲᠦᠮᠡᠨ ᠨᠢ ᠲᠡᠭᠦᠨ ᠦ ᠦᠭᠡᠨ ᠳᠦ ᠢᠲᠡᠭᠡᠵᠦ ᠲᠡᠭᠦᠨ ᠢ ᠮᠠᠭᠲᠠᠨ ᠳᠠᠭᠤᠯᠠᠭᠰᠠᠨ᠃
13 ᠬᠠᠷᠢᠨ ᠲᠡᠳᠡ ᠲᠡᠭᠦᠨ ᠦ ᠦᠢᠯᠡᠰ ᠢ ᠬᠤᠷᠳᠤᠨ ᠮᠠᠷᠲᠠᠪᠠ ᠵᠢᠭᠠᠪᠤᠷᠢ ᠶᠢ ᠨᠢ ᠲᠡᠳᠡ ᠬᠦᠯᠢᠶᠡᠭᠰᠡᠨ ᠦᠭᠡᠢ᠂
14 ᠴᠥᠯ ᠳᠤ ᠪᠠᠢᠬᠤ ᠳᠠᠭᠠᠨ ᠦᠯᠡᠮᠵᠢ ᠰᠢᠨᠤᠯ ᠲᠠᠢ ᠪᠣᠯᠣᠭᠠᠳ ᠵᠡᠯᠢᠭᠦᠳ ᠭᠠᠵᠠᠷ ᠲᠤ ᠪᠤᠷᠬᠠᠨ ᠢ ᠰᠣᠷᠢᠪᠠ᠂
15 ᠶᠣᠬᠣᠸᠠ ᠱᠠᠭᠠᠷᠳᠠᠭᠰᠠᠨ ᠢ ᠨᠢ ᠥᠭᠭᠥᠭᠰᠡᠨ ᠪᠣᠯᠪᠠᠴᠤ ᠰᠦᠨᠡᠰᠦ ᠶᠢ ᠨᠢ ᠰᠤᠯᠠᠳᠠᠭᠤᠯᠤᠭᠰᠠᠨ᠃
16 ᠬᠤᠸᠠᠷᠠᠨ ᠳᠤ ᠲᠡᠳᠡ ᠮᠣᠰᠧ ᠪᠣᠯᠣᠨ ᠶᠣᠬᠣᠸᠠ ᠶᠢᠨ ᠲᠤᠰᠠᠭᠠᠷᠯᠠᠭᠰᠠᠨ ᠬᠥᠮᠦᠨ ᠠᠷᠣᠨ ᠳᠤ ᠠᠲᠠᠭᠠᠷᠬᠠᠭᠰᠠᠨ ᠳᠤ᠂
17 ᠭᠠᠵᠠᠷ ᠨᠡᠭᠡᠭᠡᠭᠳᠡᠨ ᠳ᠋ᠠᠲ᠋ᠠᠨ ᠢ ᠵᠠᠯᠭᠢᠪᠠ ᠠᠪᠢᠷᠠᠮ ᠤᠨ ᠪᠦᠯᠦᠭ ᠢ ᠬᠥᠮᠥᠷᠢᠪᠡ᠃
18 ᠲᠡᠳᠡᠨ ᠦ ᠪᠦᠯᠦᠭ ᠳᠤᠮᠳᠠ ᠭᠠᠯ ᠳᠦᠷᠡᠯᠵᠡᠵᠦ ᠳᠥᠯᠥ ᠨᠢ ᠪᠤᠷᠤᠭᠤᠲᠠᠳ ᠢ ᠰᠢᠲᠠᠭᠠᠭᠰᠠᠨ᠃
19 ᠲᠡᠳᠡ ᠬᠣᠷᠧᠪ ᠲᠤ ᠲᠤᠭᠤᠯ ᠪᠦᠲᠦᠭᠡᠵᠦ ᠴᠢᠳᠬᠤᠮᠠᠯ ᠬᠥᠷᠥᠭ ᠲᠦ ᠮᠥᠷᠭᠥᠵᠡᠭᠡᠭᠰᠡᠨ᠂
20 ᠢᠷᠠᠭᠤ ᠠᠯᠳᠠᠷ ᠢᠶᠠᠨ ᠲᠡᠳᠡ ᠡᠪᠡᠰᠦ ᠢᠳᠡᠳᠡᠭ ᠦᠬᠡᠷ ᠦᠨ ᠳᠦᠷᠰᠦ ᠪᠡᠷ ᠰᠣᠯᠢᠭᠰᠠᠨ᠃
21 ᠡᠢᠨ ᠬᠦ ᠲᠡᠳᠡ ᠠᠭᠤᠤ ᠵᠦᠢᠯᠡᠰ ᠢ ᠶᠧᠵᠢᠫᠲ ᠲᠤ ᠦᠢᠯᠡᠳᠦᠭᠰᠡᠨ ᠠᠪᠤᠷᠠᠭᠴᠢ ᠪᠤᠷᠬᠠᠨ ᠢᠶᠠᠨ ᠮᠠᠷᠲᠠᠭᠰᠠᠨ᠂
22 ᠾᠠᠮ ᠤᠨ ᠨᠤᠲᠤᠭ ᠲᠤ ᠪᠣᠯᠣᠭᠰᠠᠨ ᠭᠠᠢᠬᠠᠮᠰᠢᠭ ᠤᠳ ᠤᠯᠠᠭᠠᠨ ᠲᠠᠩᠭᠢᠰ ᠤᠨ ᠳᠡᠷᠭᠡᠳᠡ ᠪᠣᠯᠣᠭᠰᠠᠨ ᠰᠦᠷᠳᠡᠮᠡᠷ ᠵᠦᠢᠯᠡᠰ ᠢ ᠮᠠᠷᠲᠠᠭᠰᠠᠨ᠃
23 ᠶᠣᠬᠣᠸᠠ ᠲᠡᠳᠡᠨ ᠢ ᠤᠰᠠᠳᠬᠠᠬᠤ ᠭᠡᠬᠦ ᠳᠦ᠂ ᠠᠭᠤᠷ ᠲᠠᠢ ᠪᠠᠷ ᠤᠰᠠᠳᠬᠠᠬᠤ ᠶᠢ ᠨᠢ ᠬᠣᠷᠢᠭᠯᠠᠬᠤ ᠪᠠᠷ ᠲᠡᠭᠦᠨ ᠦ ᠰᠣᠩ᠋ᠭᠣᠭᠰᠠᠨ ᠬᠥᠮᠦᠨ ᠮᠣᠰᠧ ᠲᠡᠭᠦᠨ ᠦ ᠡᠮᠦᠨ᠎ᠡ ᠣᠩ᠋ᠭᠣᠷᠬᠠᠢ ᠳᠤ ᠣᠷᠣᠵᠤ ᠵᠣᠭᠰᠣᠭᠰᠠᠨ ᠪᠠᠢᠯ᠎ᠠ᠃
24 ᠬᠠᠷᠢᠨ ᠲᠡᠳᠡ ᠲᠡᠭᠦᠨ ᠦ ᠦᠭᠡᠨ ᠳᠦ ᠢᠲᠡᠭᠡᠭᠡ ᠦᠭᠡᠢ᠂ ᠰᠠᠢᠬᠠᠨ ᠨᠤᠲᠤᠭ ᠢ ᠵᠢᠭ᠍ᠰᠢᠨ
25 ᠮᠠᠢᠬᠠᠨ ᠳᠣᠲᠣᠷ᠎ᠠ ᠪᠠᠨ ᠪᠤᠪᠲᠤᠨᠠᠨ ᠶᠣᠬᠣᠸᠠ ᠶᠢᠨ ᠳᠠᠭᠤ ᠶᠢ ᠦᠯᠦ ᠲᠣᠭᠣᠮᠰᠠᠷᠯᠠᠪᠠ᠂
26 ᠲᠡᠢᠮᠦ ᠡᠴᠡ ᠲᠡᠷᠡ ᠮᠤᠲᠤᠷ ᠢᠶᠠᠨ ᠡᠷᠭᠦᠨ ᠲᠠᠩ᠋ᠭᠠᠷᠢᠭᠯᠠᠵᠤ ᠲᠡᠳᠡᠨ ᠢ ᠴᠥᠯ ᠳᠤ ᠤᠨᠠᠭᠠᠬᠤ ᠪᠠ
27 ᠦᠷ᠎ᠡ ᠤᠳᠤᠮ ᠢ ᠨᠢ ᠦᠨᠳᠦᠰᠦᠲᠡᠨ ᠨᠦᠭᠦᠳ ᠦᠨ ᠳᠤᠮᠳᠠ ᠤᠨᠠᠭᠠᠵᠤ ᠭᠠᠵᠠᠷ ᠪᠣᠯᠭᠠᠨ ᠳᠤ ᠲᠠᠷᠬᠠᠭᠠᠬᠤ ᠪᠣᠯᠣᠨ᠎ᠠ ᠭᠡᠰᠡᠨ ᠪᠢᠯᠡ᠃
28 ᠲᠡᠳᠡ ᠫᠧᠶᠣᠷ ᠲᠤ ᠪᠠᠯ ᠲᠠᠢ ᠨᠡᠢᠯᠡᠵᠦ ᠦᠬᠦᠭᠰᠡᠳ ᠲᠦ ᠡᠷᠭᠦᠭᠰᠡᠨ ᠲᠠᠬᠢᠯ ᠤᠳ ᠢ ᠢᠳᠡᠵᠡᠢ᠃
29 ᠲᠡᠳᠡ ᠲᠡᠷᠡ ᠦᠢᠯᠡ ᠪᠡᠷ ᠢᠶᠠᠨ ᠶᠣᠬᠣᠸᠠ ᠶᠢ ᠠᠭᠤᠷᠯᠠᠭᠤᠯᠬᠤ ᠳᠤ ᠲᠡᠳᠡᠨ ᠦ ᠳᠤᠮᠳᠠ ᠲᠠᠬᠤᠯ ᠳᠡᠯᠭᠡᠷᠡᠭᠰᠡᠨ᠃
30 ᠬᠠᠷᠢᠨ ᠹᠢᠨᠧᠬᠠᠰ ᠪᠣᠰᠴᠤ ᠵᠠᠭᠤᠴᠢ ᠪᠣᠯᠣᠭᠰᠠᠨ ᠳᠤ ᠲᠠᠬᠤᠯ ᠵᠣᠭᠰᠣᠭᠰᠠᠨ᠃
31 ᠡᠢᠨ ᠬᠦ ᠲᠡᠷᠡ ᠦᠶ᠎ᠡ ᠶᠢᠨ ᠦᠶ᠎ᠡ ᠳᠦ᠂ ᠮᠥᠩᠬᠡᠳᠡ ᠵᠥᠪᠲᠦ ᠭᠡᠵᠦ ᠲᠣᠭᠠᠴᠠᠭᠳᠠᠬᠤ ᠪᠣᠯᠣᠭᠰᠠᠨ᠃
32 ᠲᠡᠳᠡ ᠮᠧᠷᠢᠪᠠ ᠶᠢᠨ ᠤᠰᠤᠨ ᠤ ᠳᠡᠷᠭᠡᠳᠡ ᠶᠣᠬᠣᠸᠠ ᠶᠢ ᠬᠢᠯᠢᠩᠨᠡᠭᠦᠯᠦᠭᠰᠡᠨ᠂ ᠲᠡᠳᠡᠨ ᠡᠴᠡ ᠪᠣᠯᠵᠤ ᠮᠣᠰᠧ ᠳᠤ ᠭᠠᠢ ᠤᠴᠠᠷᠠᠭᠰᠠᠨ᠃
33 ᠲᠡᠳᠡ ᠠᠭᠤᠷ ᠢ ᠨᠢ ᠬᠥᠳᠡᠯᠭᠡᠬᠦ 23 ᠳᠤ ᠣᠷᠣᠭᠤᠯ ᠢᠶᠠᠷ ᠢᠶᠠᠨ ᠭᠤᠤᠮᠠᠢ ᠦᠭᠡ ᠶᠠᠷᠢᠵᠠᠢ᠃
34 ᠥᠪᠡᠷᠰᠡᠳ ᠲᠤᠨᠢ ᠶᠣᠬᠣᠸᠠ ᠶᠢᠨ ᠠᠢᠯᠠᠳᠤᠭᠰᠠᠨ ᠤ ᠳᠠᠭᠠᠤ ᠥᠨᠥᠬᠢ ᠦᠨᠳᠦᠰᠦᠲᠡᠨ ᠢ ᠤᠰᠠᠳᠬᠠᠬᠤ ᠶᠢᠨ ᠣᠷᠣᠨ ᠳᠤ
35 ᠲᠡᠳᠡ ᠬᠠᠷᠢᠴᠤᠳ ᠲᠠᠢ ᠬᠤᠳᠬᠤᠯᠳᠤᠨ ᠦᠢᠯᠡᠰ ᠡᠴᠡ ᠨᠢ ᠰᠤᠷᠤᠯᠴᠠᠵᠤ
36 ᠥᠪᠡᠷᠰᠡᠳ ᠲᠤᠨᠢ ᠤᠷᠠᠬ᠎ᠠ ᠪᠣᠯᠬᠤ ᠰᠢᠲᠦᠭᠡᠨ ᠨᠦᠭᠦᠳ ᠲᠤᠨᠢ ᠮᠥᠷᠭᠥᠨ
37 ᠥᠬᠢᠳ ᠬᠥᠪᠡᠭᠦᠳ ᠢᠶᠡᠷ ᠢᠶᠠᠨ ᠴᠢᠳᠬᠥᠷ ᠤᠳ ᠲᠤ ᠲᠠᠬᠢᠯ ᠡᠷᠭᠦᠭᠰᠡᠨ᠂
38 ᠲᠡᠳᠡ ᠭᠡᠮ ᠦᠭᠡᠢ ᠴᠢᠰᠤ ᠶᠢ ᠺᠠᠨᠠᠨ ᠤ ᠰᠢᠲᠦᠭᠡᠨ ᠨᠦᠭᠦᠳ ᠲᠦ ᠡᠷᠭᠦᠭᠰᠡᠨ ᠥᠬᠢᠳ ᠬᠥᠪᠡᠭᠦᠳ ᠦᠨ ᠢᠶᠠᠨ ᠴᠢᠰᠤ ᠶᠢ ᠤᠷᠤᠰᠬᠠᠭᠰᠠᠨ ᠲᠡᠢᠨ ᠬᠦ ᠭᠠᠵᠠᠷ ᠨᠤᠲᠤᠭ ᠨᠢ ᠴᠢᠰᠤ ᠪᠠᠷ ᠪᠣᠬᠢᠷᠳᠤᠪᠠ᠃
39 ᠲᠡᠳᠡ ᠦᠢᠯᠡᠰ ᠢᠶᠡᠷ ᠢᠶᠠᠨ ᠪᠤᠵᠠᠷᠲᠤᠪᠠ ᠶᠠᠪᠤᠳᠠᠯ ᠤᠳ ᠨᠢ ᠶᠠᠩ᠋ᠬᠠᠨ ᠤ ᠬᠢ ᠮᠡᠲᠦ ᠪᠣᠯᠪᠠ᠃
40 ᠶᠣᠬᠣᠸᠠ ᠠᠷᠠᠳ ᠲᠦᠮᠡᠨ ᠳᠡᠭᠡᠨ ᠬᠢᠯᠢᠩᠨᠡᠪᠡ᠂ ᠥᠪᠡᠷ ᠦᠨ ᠢᠶᠠᠨ ᠥᠮᠴᠢ ᠶᠢ ᠵᠢᠭ᠍ᠰᠢᠨ
41 ᠦᠨᠳᠦᠰᠦᠲᠡᠨ ᠨᠦᠭᠦᠳ ᠦᠨ ᠭᠠᠷ ᠲᠤ ᠲᠤᠰᠢᠶᠠᠭᠰᠠᠨ ᠳᠤ᠂ ᠦᠵᠡᠨ ᠶᠠᠳᠠᠭᠴᠢᠳ ᠨᠢ ᠲᠡᠳᠡᠨ ᠢ ᠵᠠᠬᠢᠷᠪᠠ᠂
42 ᠥᠰᠲᠡᠨ ᠨᠦᠭᠦᠳ ᠨᠢ ᠲᠡᠳᠡᠨ ᠢ ᠳᠠᠷᠤᠩ᠋ᠭᠤᠢᠯᠠᠪᠠ᠂ ᠲᠡᠳᠡ ᠭᠠᠷ ᠳᠣᠣᠷ᠎ᠠ ᠨᠢ ᠪᠠᠭᠤᠵᠤ ᠥᠭᠪᠡ᠃
43 ᠶᠣᠬᠣᠸᠠ ᠲᠡᠳᠡᠨ ᠢ ᠣᠯᠠᠨᠲᠠ ᠠᠪᠤᠷᠠᠭᠰᠠᠨ ᠪᠣᠯᠪᠠᠴᠤ ᠲᠡᠳᠡ ᠥᠪᠡᠷᠰᠡᠳ ᠦᠨ ᠢᠶᠠᠨ ᠵᠥᠪᠯᠡᠯᠭᠡ ᠪᠡᠷ ᠪᠣᠰᠴᠤ ᠥᠪᠡᠷ ᠦᠨ ᠢᠶᠠᠨ ᠭᠡᠮ ᠢᠶᠡᠷ ᠣᠢᠴᠢᠵᠤ ᠪᠠᠢᠯ᠎ᠠ᠂
44 ᠭᠡᠪᠡᠴᠦ ᠲᠡᠷᠡ ᠲᠡᠳᠡᠨ ᠦ ᠬᠠᠰᠬᠢᠷᠬᠤ ᠶᠢ ᠰᠣᠨᠣᠰᠬᠤ ᠳᠠᠭᠠᠨ ᠵᠣᠪᠠᠯᠠᠩ ᠢ ᠨᠢ ᠬᠠᠷᠠᠵᠤ
45 ᠲᠡᠳᠡᠨ ᠦ ᠲᠥᠯᠥᠭᠡ ᠭᠡᠷ᠎ᠡ ᠪᠡᠨ ᠰᠠᠨᠠᠨ ᠦᠯᠡᠮᠵᠢ ᠬᠠᠢᠷ᠎ᠠ ᠶᠢᠨ ᠢᠶᠠᠨ ᠤᠯᠠᠮ ᠢᠶᠠᠷ ᠰᠠᠨᠠᠭ᠎ᠠ ᠪᠠᠨ ᠥᠭᠡᠷᠡᠴᠢᠯᠡᠵᠦ᠂
46 ᠲᠡᠳᠡᠨ ᠢ ᠣᠯᠵᠠᠯᠠᠨ ᠠᠪᠤᠭᠴᠢ ᠪᠦᠬᠦᠨ ᠢᠶᠡᠷ ᠲᠡᠳᠡᠨ ᠢ ᠥᠷᠥ ᠡᠪᠡᠳᠦᠭᠦᠯᠵᠦ ᠪᠠᠢᠭᠰᠠᠨ᠂
47 ᠪᠢᠳᠡᠨ ᠦ ᠪᠤᠷᠬᠠᠨ ᠶᠣᠬᠣᠸᠠ᠂ ᠪᠢᠳᠡᠨ ᠢ ᠠᠪᠤᠷᠠᠭᠠᠴᠢ ᠪᠢᠳᠡᠨ ᠢ ᠬᠠᠷᠢᠴᠤᠳ ᠤᠨ ᠳᠤᠮᠳᠠ ᠠᠴᠠ ᠴᠤᠭᠯᠠᠭᠤᠯᠤᠭᠠᠴᠢ᠃ ᠪᠢᠳᠡ ᠲᠠᠨ ᠤ ᠠᠷᠢᠭᠤᠨ ᠨᠡᠷ᠎ᠡ ᠳᠦ ᠲᠠᠯᠠᠷᠬᠠᠨ ᠲᠠᠨ ᠤ ᠠᠯᠳᠠᠷ ᠢᠶᠠᠷ ᠪᠠᠬᠠᠷᠬᠠᠨ᠎ᠠ᠂
48 ᠢᠰᠷᠧᠯ ᠤᠨ ᠪᠤᠷᠬᠠᠨ ᠶᠣᠬᠣᠸᠠ ᠮᠥᠩᠬᠡ ᠡᠴᠡ ᠮᠥᠩᠬᠡᠳᠡ ᠮᠠᠭᠲᠠᠭᠳᠠᠭ᠂ ᠠᠷᠠᠳ ᠲᠦᠮᠡᠨ ᠪᠦᠬᠦᠨ 《ᠠᠮᠧᠨ》 ᠭᠡᠵᠦ ᠬᠡᠯᠡᠭ᠂ ᠶᠣᠬᠣᠸᠠ ᠶᠢ ᠮᠠᠭᠲᠠᠭᠲᠤᠨ︕