1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠳᠠᠯᠠᠨ ᠲᠠᠪᠤ
 ᠪᠠᠷᠳᠠᠮ ᠪᠤᠷᠤᠭᠤᠲᠠᠨ ᠰᠢᠳᠬᠡᠭᠳᠡᠨ᠎ᠡ
 ᠠᠰᠠᠹ ᠤᠨ ᠳᠠᠭᠤᠯᠠᠯ᠂ ᠳᠠᠭᠤᠤ᠃ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ 《ᠪᠦᠦ ᠤᠰᠠᠳᠬᠠᠭᠠᠴᠢ》 ᠶᠢᠨ ᠠᠶ᠎ᠠ ᠳᠡᠭᠡᠷ᠎ᠡ᠃

1 ᠪᠤᠷᠬᠠᠨ᠂ ᠪᠢᠳᠡ ᠲᠠᠨ ᠳᠤ ᠲᠠᠯᠠᠷᠬᠠᠶ᠎ᠠ᠂ ᠪᠢᠳᠡ ᠲᠠᠯᠠᠷᠬᠠᠶ᠎ᠠ ᠲᠠᠨ ᠤ ᠠᠯᠳᠠᠷ ᠣᠢᠷᠠᠬᠠᠨ ᠪᠠᠢᠨ᠎ᠠ ᠲᠠᠨ ᠤ ᠭᠠᠢᠬᠠᠮᠰᠢᠭᠲᠤ ᠦᠢᠯᠡᠰ ᠢ ᠬᠥᠮᠦᠰ ᠶᠠᠷᠢᠯᠴᠠᠳᠠᠭ᠃
2 《ᠪᠢ ᠴᠠᠭ ᠢᠶᠠᠨ ᠲᠣᠭᠲᠠᠭᠠᠵᠤ ᠰᠢᠳᠤᠷᠭᠤ ᠪᠠᠷ ᠰᠢᠭᠦᠨ᠎ᠡ᠂
3 ᠭᠠᠵᠠᠷ ᠪᠣᠯᠣᠨ ᠲᠡᠭᠦᠨ ᠳᠣᠲᠣᠷ᠎ᠠ ᠰᠠᠭᠤᠭᠴᠢ ᠪᠦᠭᠦᠳᠡ ᠨᠢ ᠭᠠᠩ᠋ᠬᠤᠬᠤ ᠪᠣᠯᠣᠨ᠎ᠠ ᠲᠡᠭᠦᠨ ᠦ ᠪᠠᠭᠠᠨ᠎ᠠ ᠨᠤᠭᠤᠳ ᠢ ᠪᠠᠲᠤᠵᠢᠭᠤᠯᠤᠭᠰᠠᠨ ᠨᠢ ᠪᠢ ᠪᠢᠯᠡ᠂
 
ᠰᠧᠯᠠ

4 ᠪᠠᠷᠳᠠᠮᠨᠠᠭᠴᠢ ᠳᠤ ᠪᠢ 〈ᠪᠦᠦ ᠪᠠᠷᠳᠠᠮᠨᠠ〉 ᠭᠡᠵᠦ ᠪᠤᠷᠤᠭᠤᠲᠠᠳ ᠲᠤ ᠪᠢ 〈ᠡᠪᠡᠷ ᠢᠶᠡᠨ ᠪᠦᠦ ᠡᠷᠭᠦ
5 ᠡᠪᠡᠷ ᠢᠶᠡᠨ ᠥᠨᠳᠥᠷ ᠲᠦ ᠪᠦᠦ ᠡᠷᠭᠦ ᠪᠦᠦ ᠣᠩᠭᠢᠷᠠᠨ ᠶᠠᠷᠢ〉》 ᠭᠡᠰᠡᠨ᠃

6 ᠡᠷᠭᠦᠮᠵᠢᠯᠡᠭᠴᠢ ᠨᠢ ᠳᠣᠷᠣᠨ᠎ᠠ ᠶᠢᠨ ᠬᠢ ᠪᠢᠰᠢ᠂ ᠥᠷᠥᠨ᠎ᠡ ᠶᠢᠨ ᠬᠢ ᠪᠢᠰᠢ᠂ ᠡᠮᠦᠨ᠎ᠡ ᠶᠢᠨ ᠬᠢ ᠴᠤ ᠪᠢᠰᠢ᠂
7 ᠰᠢᠭᠦᠭᠴᠢ ᠪᠤᠷᠬᠠᠨ ᠯᠠ ᠨᠢᠭᠡ ᠶᠢ ᠨᠢ ᠪᠠᠭᠤᠷᠠᠭᠤᠯᠵᠤ᠂ ᠨᠥᠭᠥᠭᠡ ᠶᠢ ᠨᠢ ᠡᠷᠭᠦᠮᠵᠢᠯᠡᠨ᠎ᠡ᠃
8 ᠨᠡᠷᠡᠵᠦ ᠬᠥᠭᠡᠰᠦᠷᠡᠭᠦᠯᠦᠭᠰᠡᠨ ᠳᠠᠷᠠᠰᠤ ᠲᠠᠢ ᠠᠶᠠᠭ᠎ᠠ ᠶᠣᠬᠣᠸᠠ ᠶᠢᠨ ᠮᠤᠲᠤᠷ ᠲᠤ ᠪᠤᠢ᠂ ᠶᠣᠬᠣᠸᠠ ᠲᠡᠭᠦᠨ ᠡᠴᠡ ᠠᠰᠬᠠᠪᠠ ᠭᠠᠵᠠᠷ ᠤᠨ ᠪᠤᠷᠤᠭᠤᠲᠠᠳ ᠪᠦᠭᠦᠳᠡᠭᠡᠷ ᠰᠢᠪᠬᠠᠷᠤᠤ ᠶᠢ ᠨᠢ ᠬᠦᠷᠲᠡᠯ᠎ᠡ ᠳᠣᠯᠢᠶᠠᠨ᠎ᠠ᠃

9 ᠬᠠᠷᠢᠨ ᠪᠢ ᠡᠳᠡᠭᠡᠷ ᠢ ᠮᠥᠩᠬᠡᠳᠡ ᠵᠠᠷᠯᠠᠨ ᠶᠠᠺᠣᠪ ᠤᠨ ᠪᠤᠷᠬᠠᠨ ᠳᠤ ᠮᠠᠭᠲᠠᠭᠠᠯ ᠡᠷᠭᠦᠵᠦ
10 ᠪᠤᠷᠤᠭᠤᠲᠠᠳ ᠤᠨ ᠪᠦᠬᠦ ᠡᠪᠡᠷ ᠢ ᠪᠣᠯᠭᠤᠯᠤᠨ᠎ᠠ᠂ ᠭᠡᠪᠡᠴᠦ ᠵᠥᠪᠲᠡᠨ ᠦ ᠡᠪᠡᠷ ᠥᠨᠳᠥᠷ ᠲᠦ ᠡᠷᠭᠦᠭᠳᠡᠨ᠎ᠡ᠃