ᠳᠠᠭᠤᠯᠠᠯ ᠵᠠᠭᠤ ᠠᠷᠪᠠᠨ ᠵᠢᠷᠭᠤᠭ᠎ᠠ
ᠭᠡᠲᠦᠯᠭᠡᠭᠴᠢ ᠳᠤ ᠲᠠᠯᠠᠷᠬᠠᠬᠤ
1 ᠪᠢ ᠶᠣᠬᠣᠸᠠ ᠳᠤ ᠬᠠᠢᠷᠠᠲᠠᠢ᠂ ᠲᠡᠷᠡ ᠳᠠᠭᠤ ᠬᠣᠭᠣᠯᠠᠢ ᠶᠢ ᠮᠢᠨᠢ᠂ ᠭᠤᠶᠤᠯᠲᠠ ᠶᠢ ᠮᠢᠨᠢ ᠰᠣᠨᠣᠰᠣᠨ᠎ᠠ᠃
2 ᠲᠡᠷᠡ ᠨᠠᠳᠠ ᠤᠷᠤᠭᠤ ᠴᠢᠬᠢ ᠲᠠᠯᠪᠢᠳᠠᠭ ᠪᠢ ᠠᠮᠢᠳᠤ ᠳᠠᠭᠠᠨ ᠲᠡᠭᠦᠨ ᠢ ᠳᠠᠭᠤᠳᠠᠨ᠎ᠠ᠃
3 ᠦᠬᠦᠯ ᠦᠨ ᠤᠶᠠᠭᠠᠰᠤ ᠨᠠᠮᠠᠶᠢ ᠣᠷᠢᠶᠠᠵᠤ ᠦᠬᠦᠭᠰᠡᠳ ᠦᠨ ᠤᠢ ᠭᠠᠰᠢᠭᠤ ᠨᠠᠳᠠ ᠳᠤ ᠤᠴᠠᠷᠠᠪᠠ ᠪᠢ ᠭᠠᠢ ᠵᠣᠪᠠᠯᠠᠩ ᠳᠤ ᠤᠴᠠᠷᠠᠬᠤ ᠳᠠᠭᠠᠨ
4 ᠶᠣᠬᠣᠸᠠ ᠶᠢᠨ ᠨᠡᠷ᠎ᠡ ᠪᠡᠷ ᠳᠠᠭᠤᠳᠠᠨ 《ᠶᠣᠬᠣᠸᠠ᠂ ᠠᠮᠢ ᠶᠢ ᠮᠢᠨᠢ ᠠᠪᠤᠷᠠᠭᠠᠴᠢ︕》 ᠭᠡᠪᠡ᠃
5 ᠶᠣᠬᠣᠸᠠ ᠨᠢᠭᠦᠯᠡᠰᠦᠩᠭᠦᠢ᠂ ᠵᠥᠪᠲᠦ ᠪᠢᠳᠡᠨ ᠦ ᠪᠤᠷᠬᠠᠨ ᠪᠣᠯ ᠥᠷᠥᠪᠴᠢ᠃
6 ᠶᠣᠬᠣᠸᠠ ᠭᠡᠨᠡᠨ ᠴᠠᠢᠯᠭᠠᠨ ᠢ ᠬᠠᠮᠠᠭᠠᠯᠠᠵᠤ ᠪᠠᠢᠨ᠎ᠠ ᠳᠣᠷᠣᠢ ᠪᠠᠢᠬᠤ ᠳᠤ ᠮᠢᠨᠢ ᠲᠡᠷᠡ ᠨᠠᠮᠠᠶᠢ ᠠᠪᠤᠷᠠᠭᠰᠠᠨ᠃
7 ᠰᠡᠳᠬᠢᠯ ᠮᠢᠨᠢ ᠡ᠂ ᠳᠠᠬᠢᠭᠠᠳ ᠠᠮᠤᠭᠤᠯᠠᠩ ᠪᠣᠯᠣᠭᠠᠷᠠᠢ ᠶᠣᠬᠣᠸᠠ ᠴᠢᠮ᠎ᠠ ᠳᠤ ᠥᠭᠭᠢᠶᠡᠮᠦᠷ ᠬᠠᠨᠳᠤᠭᠰᠠᠨ᠂
8 ᠲᠠ ᠠᠮᠢ ᠶᠢ ᠮᠢᠨᠢ ᠦᠬᠦᠯ ᠡᠴᠡ ᠨᠢᠳᠦ ᠶᠢ ᠮᠢᠨᠢ ᠨᠢᠯᠪᠤᠰᠤᠨ ᠠᠴᠠ ᠬᠥᠯ ᠢ ᠮᠢᠨᠢ ᠪᠦᠳᠦᠷᠢᠯ ᠡᠴᠡ ᠠᠪᠤᠷᠠᠭᠰᠠᠨ᠂
9 ᠪᠢ ᠠᠮᠢᠳᠤ ᠶᠢᠨ ᠣᠷᠣᠨ ᠳᠤ ᠶᠣᠬᠣᠸᠠ ᠶᠢᠨ ᠣᠷᠣᠰᠢᠬᠤᠢ ᠳᠤ ᠠᠯᠬᠤᠨ᠎ᠠ᠂
10 ᠪᠢ 《ᠶᠡᠬᠡ ᠵᠣᠪᠠᠯᠠᠩ ᠲᠠᠢ ᠪᠠᠢᠨ᠎ᠠ》 ᠭᠡᠵᠦ ᠬᠡᠯᠡᠬᠦ ᠦᠶ᠎ᠡ ᠳᠡᠭᠡᠨ ᠴᠤ ᠢᠲᠡᠭᠡᠯ ᠲᠡᠢ᠂
11 ᠪᠠᠴᠢᠮᠳᠠᠭᠠᠳ 《ᠪᠦᠬᠦ ᠬᠥᠮᠦᠨ ᠬᠤᠳᠠᠯᠴᠢ》 ᠭᠡᠬᠦ ᠦᠶ᠎ᠡ ᠳᠦ ᠴᠤ ᠠᠳᠠᠯᠢᠬᠠᠨ᠃
12 ᠨᠠᠳᠠ ᠳᠤ ᠰᠣᠶᠣᠷᠬᠠᠭᠰᠠᠨ ᠪᠦᠬᠦ ᠥᠭᠯᠢᠭᠡ ᠶᠢᠨ ᠬᠢᠨᠢ ᠲᠥᠯᠥᠭᠡ ᠶᠠᠭᠤ ᠪᠠᠷ ᠪᠢ ᠶᠣᠬᠣᠸᠠ ᠳᠤ ᠬᠠᠷᠢᠭᠤᠯᠬᠤ ᠪᠤᠢ︖
13 ᠪᠢ ᠠᠪᠤᠷᠠᠯ ᠤᠨ ᠬᠤᠨᠳᠠᠭ᠎ᠠ ᠶᠢ ᠡᠷᠭᠦᠵᠦ ᠶᠣᠬᠣᠸᠠ ᠶᠢᠨ ᠨᠡᠷ᠎ᠡ ᠶᠢ ᠳᠠᠭᠤᠳᠠᠨ᠂
14 ᠪᠦᠬᠦ ᠠᠷᠠᠳ ᠲᠦᠮᠡᠨ ᠦ ᠬᠢᠨᠢ ᠡᠮᠦᠨ᠎ᠡ ᠶᠣᠬᠣᠸᠠ ᠳᠤ ᠲᠠᠩ᠋ᠭᠠᠷᠢᠭᠯᠠᠭᠰᠠᠨ ᠢᠶᠠᠨ ᠪᠡᠶᠡᠯᠡᠭᠦᠯᠦᠨ᠎ᠡ᠃
15 ᠶᠣᠬᠣᠸᠠ ᠶᠢᠨ ᠮᠡᠯᠮᠡᠢ ᠳᠦ ᠦᠨᠡᠨᠴᠢ ᠬᠥᠮᠦᠰ ᠦᠨ ᠬᠢᠨᠢ ᠦᠬᠦᠯ ᠦᠨ᠎ᠡ ᠴᠡᠨ᠎ᠡ ᠲᠠᠢ᠃
16 ᠥ᠂ ᠶᠣᠬᠣᠸᠠ᠂ ᠪᠢ ᠦᠨᠡᠬᠡᠷ ᠲᠠᠨ ᠤ ᠵᠠᠷᠤᠴᠠ ᠪᠢ ᠲᠠᠨ ᠤ ᠵᠠᠷᠤᠴᠠ᠂ ᠲᠠᠨ ᠤ ᠰᠢᠪᠡᠭᠴᠢᠨ ᠤ ᠬᠦᠦ ᠲᠠ ᠬᠦᠯᠢᠶᠡᠰᠦ ᠶᠢ ᠮᠢᠨᠢ ᠲᠠᠢᠯᠤᠭᠰᠠᠨ᠃
17 ᠪᠢ ᠲᠠᠨ ᠳᠤ ᠲᠠᠯᠠᠷᠬᠠᠯ ᠤᠨ ᠲᠠᠬᠢᠯ ᠢ ᠡᠷᠭᠦᠨ᠎ᠡ ᠪᠢ ᠶᠣᠬᠣᠸᠠ ᠶᠢᠨ ᠨᠡᠷ᠎ᠡ ᠶᠢ ᠳᠠᠭᠤᠳᠠᠨ᠎ᠠ᠃
18 ᠪᠢ ᠶᠣᠬᠣᠸᠠ ᠳᠤ ᠲᠠᠩ᠋ᠭᠠᠷᠢᠭᠯᠠᠭᠰᠠᠨ ᠢᠶᠠᠨ ᠪᠦᠬᠦ ᠠᠷᠠᠳ ᠲᠦᠮᠡᠨ ᠦ ᠬᠢᠨᠢ ᠡᠮᠦᠨ᠎ᠡ
19 ᠶᠣᠬᠣᠸᠠ ᠶᠢᠨ ᠥᠷᠭᠥᠭᠡᠨ ᠦ ᠬᠦᠷᠢᠶᠡᠨ ᠳᠦ ᠴᠢᠨᠦ ᠳᠣᠲᠣᠷ᠎ᠠ ᠪᠡᠶᠡᠯᠡᠭᠦᠯᠦᠨ᠎ᠡ᠂ ᠶᠧᠷᠦ᠋ᠰᠠᠯᠧᠮ ᠡ᠂ ᠶᠣᠬᠣᠸᠠ ᠶᠢ ᠮᠠᠭᠲᠠᠭᠲᠤᠨ︕