1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠠᠷᠪᠠᠨ ᠨᠠᠢ᠌ᠮᠠ
 ᠢᠯᠠᠯᠲᠠ ᠶᠢᠨ ᠲᠥᠯᠥᠭᠡᠬᠢ ᠲᠠᠯᠠᠷᠬᠠᠯ
1 ᠶᠣᠬᠣᠸᠠ ᠳᠤ ᠲᠠᠯᠠᠷᠬ᠎ᠠ᠂ ᠲᠡᠷᠡ ᠰᠠᠢᠨ᠂ ᠦᠨᠡᠨ ᠬᠠᠢᠷ᠎ᠠ ᠨᠢ ᠡᠭᠦᠷᠢᠳᠡ ᠶᠢᠨ ᠬᠢ᠃
2 ᠢᠰᠷᠧᠯ ᠡ 《ᠦᠨᠡᠨ ᠬᠠᠢᠷ᠎ᠠ ᠨᠢ ᠡᠭᠦᠷᠢᠳᠡ ᠶᠢᠨ ᠬᠢ》 ᠭᠡᠵᠦ ᠬᠡᠯᠡ
3 ᠠᠷᠣᠨ ᠤ ᠭᠡᠷ ᠡ 《ᠦᠨᠡᠨ ᠬᠠᠢᠷ᠎ᠠ ᠨᠢ ᠡᠭᠦᠷᠢᠳᠡ ᠶᠢᠨ ᠬᠢ》 ᠭᠡᠵᠦ ᠬᠡᠯᠡ
4 ᠶᠣᠬᠣᠸᠠ ᠠᠴᠠ ᠡᠮᠢᠶᠡᠭᠴᠢᠳ ᠡ 《ᠦᠨᠡᠨ ᠬᠠᠢᠷ᠎ᠠ ᠨᠢ ᠡᠭᠦᠷᠢᠳᠡ ᠶᠢᠨ ᠬᠢ》 ᠭᠡᠵᠦ ᠬᠡᠯᠡ᠃

5 ᠵᠣᠪᠠᠯᠠᠩ ᠳᠤᠮᠳᠠ ᠠᠴᠠ ᠶᠣᠬᠣᠸᠠ ᠥᠭᠡᠳᠡ ᠬᠠᠰᠬᠢᠷᠬᠤ ᠳᠤ ᠮᠢᠨᠢ ᠶᠣᠬᠣᠸᠠ ᠨᠠᠳᠠ ᠳᠤ ᠬᠠᠷᠢᠭᠤᠯᠵᠤ᠂ ᠨᠠᠮᠠᠶᠢ ᠴᠢᠯᠥᠭᠡᠯᠡᠵᠡᠢ 26
6 ᠶᠣᠬᠣᠸᠠ ᠨᠠᠳᠠ ᠲᠠᠢ ᠬᠠᠮᠲᠤ᠂ ᠪᠢ ᠠᠶᠤᠬᠤ ᠦᠭᠡᠢ ᠬᠥᠮᠦᠨ ᠨᠠᠮᠠᠶᠢ ᠶᠠᠭᠠᠬᠢᠬᠤ ᠶᠤᠮ ᠪᠤᠢ︖
7 ᠶᠣᠬᠣᠸᠠ ᠨᠠᠳᠠ ᠳᠤ ᠲᠤᠰᠠᠯᠠᠭᠴᠢᠳ ᠤᠨ ᠳᠤᠮᠳᠠ ᠪᠠᠢᠨ᠎ᠠ ᠪᠢ ᠥᠰᠲᠡᠨ ᠨᠦᠭᠦᠳ ᠢᠶᠡᠨ ᠳᠡᠭᠡᠷ᠎ᠡ ᠡᠴᠡ ᠨᠢ ᠬᠠᠷᠠᠬᠤ ᠪᠣᠯᠣᠨ᠎ᠠ᠃
8 ᠬᠥᠮᠦᠨ ᠳᠦ ᠢᠲᠡᠭᠡᠬᠦ ᠡᠴᠡ ᠶᠣᠬᠣᠸᠠ ᠶᠢᠨ ᠳᠣᠲᠣᠷ᠎ᠠ ᠬᠣᠷᠭᠣᠳᠠᠬᠤ ᠨᠢ ᠳᠡᠭᠡᠷ᠎ᠡ
9 ᠨᠣᠶᠠᠳ ᠲᠤ ᠢᠲᠡᠭᠡᠬᠦ ᠡᠴᠡ ᠶᠣᠬᠣᠸᠠ ᠶᠢᠨ ᠳᠣᠲᠣᠷ᠎ᠠ ᠬᠣᠷᠭᠣᠳᠠᠬᠤ ᠨᠢ ᠳᠡᠭᠡᠷ᠎ᠡ᠃

10 ᠪᠦᠬᠦ ᠦᠨᠳᠦᠰᠦᠲᠡᠨ ᠨᠠᠮᠠᠶᠢ ᠪᠦᠰᠡᠯᠡᠭᠰᠡᠨ ᠴᠤ ᠶᠣᠬᠣᠸᠠ ᠶᠢᠨ ᠨᠡᠷ᠎ᠡ ᠪᠡᠷ ᠪᠢ ᠲᠡᠳᠡᠨ ᠢ ᠪᠤᠲᠠ ᠴᠣᠬᠢᠨ᠎ᠠ
11 ᠲᠡᠳᠡ ᠨᠠᠮᠠᠶᠢ ᠪᠦᠰᠡᠯᠡᠭᠰᠡᠨ ᠲᠡᠳᠡ ᠨᠠᠮᠠᠶᠢ ᠪᠦᠰᠡᠯᠡᠭᠰᠡᠨ ᠪᠠᠢᠯ᠎ᠠ ᠴᠤ ᠶᠣᠬᠣᠸᠠ ᠶᠢᠨ ᠨᠡᠷ᠎ᠡ ᠪᠡᠷ ᠪᠢ ᠲᠡᠳᠡᠨ ᠢ ᠪᠤᠲᠠ ᠴᠣᠬᠢᠨ᠎ᠠ
12 ᠲᠡᠳᠡ ᠨᠠᠮᠠᠶᠢ ᠵᠥᠭᠡᠢ ᠮᠡᠲᠦ ᠪᠦᠰᠡᠯᠡᠭᠰᠡᠨ ᠴᠤ ᠭᠠᠯ ᠲᠠᠢ ᠥᠷᠭᠡᠰᠦᠲᠦ ᠪᠤᠲᠠ ᠮᠡᠲᠦ ᠰᠥᠨᠥᠭᠰᠡᠨ ᠶᠣᠬᠣᠸᠠ ᠶᠢᠨ ᠨᠡᠷ᠎ᠡ ᠪᠡᠷ ᠪᠢ ᠲᠡᠳᠡᠨ ᠢ ᠪᠤᠲᠠ ᠴᠣᠬᠢᠨ᠎ᠠ᠂
13 ᠴᠢ ᠨᠠᠮᠠᠶᠢ ᠲᠦᠯᠬᠢᠨ ᠤᠨᠠᠭᠠᠬᠤ ᠭᠡᠰᠡᠨ ᠴᠤ ᠶᠣᠬᠣᠸᠠ ᠨᠠᠳᠠ ᠳᠤ ᠲᠤᠰᠠᠯᠠᠭᠰᠠᠨ᠂
14 ᠶᠣᠬᠣᠸᠠ ᠪᠣᠯ ᠮᠢᠨᠦ ᠬᠦᠴᠦ᠂ ᠮᠢᠨᠦ ᠳᠠᠭᠤᠤ ᠲᠡᠷᠡ ᠮᠢᠨᠦ ᠠᠪᠤᠷᠠᠯ ᠪᠣᠯᠣᠭᠰᠠᠨ᠃

15 ᠵᠥᠪᠲᠡᠳ ᠦᠨ ᠮᠠᠢᠬᠠᠨ ᠳᠤ ᠪᠠᠶᠠᠷ ᠲᠠᠢ ᠠᠪᠤᠷᠠᠯ ᠤᠨ ᠴᠢᠮᠡᠭᠡ ᠪᠠᠢᠨ᠎ᠠ ᠶᠣᠬᠣᠸᠠ ᠶᠢᠨ ᠪᠠᠷᠠᠭᠤᠨ ᠮᠤᠲᠤᠷ ᠬᠦᠴᠦᠲᠡᠢ ᠦᠢᠯᠡᠳᠴᠦ ᠪᠠᠢᠨ᠎ᠠ᠃
16 ᠶᠣᠬᠣᠸᠠ ᠶᠢᠨ ᠪᠠᠷᠠᠭᠤᠨ ᠮᠤᠲᠤᠷ ᠡᠷᠭᠦᠭᠳᠡᠭᠰᠡᠨ ᠪᠠᠢᠨ᠎ᠠ ᠶᠣᠬᠣᠸᠠ ᠶᠢᠨ ᠪᠠᠷᠠᠭᠤᠨ ᠮᠤᠲᠤᠷ ᠬᠦᠴᠦᠲᠡᠢ ᠦᠢᠯᠡᠳᠴᠦ ᠪᠠᠢᠨ᠎ᠠ᠃
17 ᠪᠢ ᠦᠬᠦᠬᠦ ᠦᠭᠡᠢ᠂ ᠠᠮᠢᠳᠤ ᠪᠠᠢᠵᠤ ᠶᠣᠬᠣᠸᠠ ᠶᠢᠨ ᠦᠢᠯᠡᠰ ᠢ ᠥᠭᠦᠯᠡᠬᠦ ᠪᠣᠯᠣᠨ᠎ᠠ᠃
18 ᠶᠣᠬᠣᠸᠠ ᠨᠠᠮᠠᠶᠢ ᠴᠢᠩᠭ᠍᠎ᠠ ᠪᠠᠷ ᠰᠠᠬᠢᠯᠭᠠᠵᠢᠭᠤᠯᠤᠭᠰᠠᠨ ᠴᠤ ᠦᠬᠦᠯ ᠳᠦ ᠬᠦᠷᠭᠡᠭᠡ ᠦᠭᠡᠢ᠂

19 ᠨᠠᠳᠠ ᠳᠤ ᠵᠥᠪ ᠦᠨ ᠬᠠᠭᠠᠯᠭ᠎ᠠ ᠨᠤᠭᠤᠳ ᠢ ᠨᠡᠭᠡᠭᠡᠭᠡᠴᠢ ᠪᠢ ᠲᠡᠷᠡᠭᠦᠷ ᠣᠷᠣᠵᠤ ᠶᠣᠬᠣᠸᠠ ᠳᠤ ᠲᠠᠯᠠᠷᠬᠠᠨ᠎ᠠ᠃
20 ᠶᠣᠬᠣᠸᠠ ᠶᠢᠨ ᠬᠠᠭᠠᠯᠭ᠎ᠠ ᠡᠨᠡ ᠵᠥᠪᠲᠡᠨ ᠲᠡᠷᠡᠭᠦᠷ ᠣᠷᠣᠨ᠎ᠠ᠃
21 ᠨᠠᠳᠠ ᠳᠤ ᠬᠠᠷᠢᠭᠤᠯᠵᠤ ᠠᠪᠤᠷᠠᠯ ᠮᠢᠨᠢ ᠪᠣᠯᠣᠭᠰᠠᠨ ᠳᠤ ᠲᠠᠨᠢ ᠪᠢ ᠲᠠᠯᠠᠷᠬᠠᠵᠤ ᠪᠠᠢᠨ᠎ᠠ᠃

22 ᠪᠠᠷᠢᠯᠭᠠᠴᠢᠳ ᠤᠨ ᠭᠣᠯᠣᠭᠰᠠᠨ ᠴᠢᠯᠠᠭᠤ ᠪᠤᠯᠤᠩ ᠤᠨ ᠲᠤᠯᠭᠠᠭᠤᠷᠢ ᠴᠢᠯᠠᠭᠤ ᠪᠣᠯᠪᠠ᠃
23 ᠡᠨᠡ ᠨᠢ ᠶᠣᠬᠣᠸᠠ ᠠᠴᠠ ᠪᠥᠭᠡᠳ ᠪᠢᠳᠡᠨ ᠦ ᠨᠢᠳᠦᠨ ᠳᠦ ᠭᠠᠢᠬᠠᠯᠲᠠᠢ᠃
24 ᠡᠨᠡ ᠨᠢ ᠶᠣᠬᠣᠸᠠ ᠶᠢᠨ ᠪᠦᠲᠦᠭᠡᠭᠰᠡᠨ ᠡᠳᠦᠷ᠂ ᠡᠭᠦᠨ ᠳᠦ ᠬᠥᠭᠵᠢᠯᠳᠦᠨ ᠪᠠᠶᠠᠷᠯᠠᠵᠠᠭᠠᠶ᠎ᠠ᠃
25 ᠶᠣᠬᠣᠸᠠ᠂ ᠠᠪᠤᠷᠠᠭᠠᠴᠢ᠂ ᠶᠣᠬᠣᠸᠠ᠂ ᠠᠮᠵᠢᠯᠲᠠ ᠶᠢ ᠰᠣᠶᠣᠷᠬᠠᠭᠠᠴᠢ︕
26 ᠶᠣᠬᠣᠸᠠ ᠶᠢᠨ ᠨᠡᠷ᠎ᠡ ᠪᠡᠷ ᠢᠷᠡᠭᠴᠢ ᠢᠷᠥᠭᠡᠯ ᠲᠡᠢ ᠡ︕ ᠪᠢᠳᠡ ᠶᠣᠬᠣᠸᠠ ᠶᠢᠨ ᠥᠷᠭᠥᠭᠡᠨ ᠡᠴᠡ ᠲᠠ ᠨᠠᠷ ᠢ ᠢᠷᠥᠭᠡᠶ᠎ᠡ᠃
27 ᠶᠣᠬᠣᠸᠠ ᠪᠣᠯ ᠪᠤᠷᠬᠠᠨ᠂ ᠲᠡᠷᠡ ᠪᠢᠳᠡᠨ ᠳᠦ ᠭᠡᠷᠡᠯ ᠢ ᠰᠣᠶᠣᠷᠬᠠᠭᠰᠠᠨ᠃ ᠮᠥᠴᠢᠷ ᠠᠪᠴᠤ ᠪᠠᠶᠠᠷ ᠤᠨ ᠵᠢᠭᠰᠠᠭᠠᠯ ᠳᠤ ᠣᠷᠣᠯᠴᠠᠭᠠᠳ ᠲᠠᠬᠢᠯ ᠤᠨ ᠰᠢᠷᠡᠭᠡᠨ ᠦ ᠡᠪᠡᠷ ᠥᠭᠡᠳᠡ ᠢᠷᠡ 27
28 ᠲᠠ ᠪᠣᠯ ᠮᠢᠨᠦ ᠪᠤᠷᠬᠠᠨ᠂ ᠪᠢ ᠲᠠᠨ ᠳᠤ ᠲᠠᠯᠠᠷᠬᠠᠨ᠎ᠠ ᠲᠠ ᠮᠢᠨᠦ ᠪᠤᠷᠬᠠᠨ᠂ ᠪᠢ ᠲᠠᠨ ᠢ ᠳᠡᠭᠡᠳᠦᠯᠡᠨ᠎ᠡ᠃
29 ᠶᠣᠬᠣᠸᠠ ᠳᠤ ᠲᠠᠯᠠᠷᠬ᠎ᠠ᠃ ᠲᠡᠷᠡ ᠰᠠᠢᠨ ᠦᠨᠡᠨ ᠬᠠᠢᠷ᠎ᠠ ᠨᠢ ᠡᠭᠦᠷᠢᠳᠡ ᠶᠢᠨ ᠬᠢ᠃