ᠳᠠᠭᠤᠯᠠᠯ ᠵᠠᠭᠤ ᠬᠣᠷᠢᠨ ᠬᠣᠶᠠᠷ
ᠶᠧᠷᠦ᠋ᠰᠠᠯᠧᠮ ᠤᠨ ᠠᠮᠤᠭᠤᠯᠠᠩ ᠢ ᠬᠦᠰᠡᠪᠡ
ᠳ᠋ᠠᠸᠢᠳ᠋ ᠤᠨ ᠥᠭᠰᠥᠬᠦ ᠳᠠᠭᠤᠤ᠃
1 ᠬᠥᠮᠦᠰ ᠨᠠᠳᠠ ᠳᠤ 《ᠶᠣᠬᠣᠸᠠ ᠶᠢᠨ ᠥᠷᠭᠥᠭᠡ ᠥᠭᠡᠳᠡ ᠣᠴᠢᠵᠠᠭᠠᠶ᠎ᠠ》 ᠭᠡᠬᠦ ᠳᠦ᠂ ᠪᠢ ᠪᠠᠶᠠᠷᠯᠠᠪᠠ᠂
2 ᠶᠧᠷᠦ᠋ᠰᠠᠯᠧᠮ ᠡ᠂ ᠪᠢᠳᠡᠨ ᠦ ᠬᠥᠯ ᠬᠠᠭᠠᠯᠭᠠᠨ ᠤ ᠴᠢᠨᠢ ᠳᠣᠲᠣᠷ᠎ᠠ ᠵᠣᠭᠰᠣᠵᠤ ᠪᠠᠢᠨ᠎ᠠ᠂
3 ᠶᠧᠷᠦ᠋ᠰᠠᠯᠧᠮ ᠡ᠂ ᠴᠢ ᠪᠦᠬᠦᠯᠢ ᠳᠡᠭᠡᠨ ᠨᠢᠭᠡᠳᠦᠮᠡᠯ ᠬᠣᠲᠠ ᠰᠢᠭ᠋ ᠪᠠᠢᠭᠤᠯᠤᠭᠳᠠᠵᠠᠢ᠂
4 ᠣᠪᠣᠭ ᠤᠳ᠂ ᠶᠣᠬᠣᠸᠠ ᠶᠢᠨ ᠣᠪᠣᠭ ᠤᠳ ᠢᠰᠷᠧᠯ ᠤᠨ ᠲᠣᠭᠲᠠᠭᠠᠯ ᠤᠨ ᠳᠠᠭᠠᠤ ᠶᠣᠬᠣᠸᠠ ᠶᠢᠨ ᠨᠡᠷ᠎ᠡ ᠳᠦ ᠲᠠᠯᠠᠷᠬᠠᠯ ᠡᠷᠭᠦᠬᠦ ᠪᠡᠷ ᠲᠡᠰᠢ ᠣᠴᠢᠳᠠᠭ᠂
5 ᠲᠡᠨᠳᠡ ᠰᠢᠭᠦᠯᠲᠡ ᠶᠢᠨ ᠰᠡᠨᠲᠢ ᠨᠦᠭᠦᠳ ᠳ᠋ᠠᠸᠢᠳ᠋ ᠤᠨ ᠭᠡᠷ ᠦᠨ ᠰᠡᠨᠲᠢ ᠨᠦᠭᠦᠳ ᠲᠠᠯᠪᠢᠭᠠᠰᠤᠲᠠᠢ᠂
6 ᠶᠧᠷᠦ᠋ᠰᠠᠯᠧᠮ ᠤᠨ ᠠᠮᠤᠷ ᠠᠮᠤᠭᠤᠯᠠᠩ ᠤᠨ ᠲᠥᠯᠥᠭᠡ ᠭᠤᠶᠤ ᠴᠢᠮᠠᠶᠢ ᠬᠠᠢᠷᠠᠯᠠᠭᠴᠢᠳ ᠥᠭᠡᠳᠡᠯᠡᠬᠦ ᠪᠣᠯᠲᠤᠭᠠᠢ᠂
7 ᠬᠠᠨ᠎ᠠ ᠬᠡᠷᠡᠮ ᠦᠨ ᠴᠢᠨᠢ ᠳᠣᠲᠣᠷ᠎ᠠ ᠠᠮᠤᠭᠤᠯᠠᠩ ᠰᠢᠯᠲᠦᠭᠡᠨ ᠦ ᠴᠢᠨᠢ ᠳᠣᠲᠣᠷ᠎ᠠ ᠠᠮᠤᠷ ᠪᠠᠢᠬᠤ ᠪᠣᠯᠲᠤᠭᠠᠢ᠂
8 ᠠᠬ᠎ᠠ ᠳᠡᠭᠦᠦᠰ ᠪᠠ ᠠᠨᠳᠠ ᠨᠥᠬᠥᠳ ᠦᠨ ᠢᠶᠠᠨ ᠲᠥᠯᠥᠭᠡ ᠡᠳᠦᠭᠡ ᠪᠢ ᠬᠡᠯᠡᠶ᠎ᠡ ᠴᠢᠨᠦ ᠳᠣᠲᠣᠷ᠎ᠠ ᠠᠮᠤᠷ ᠠᠮᠤᠭᠤᠯᠠᠩ ᠪᠠᠢᠬᠤ ᠪᠣᠯᠲᠤᠭᠠᠢ᠂
9 ᠪᠢᠳᠡᠨ ᠦ ᠪᠤᠷᠬᠠᠨ ᠶᠣᠬᠣᠸᠠ ᠶᠢᠨ ᠥᠷᠭᠥᠭᠡᠨ ᠦ ᠲᠥᠯᠥᠭᠡ ᠪᠢ ᠴᠢᠨᠦ ᠰᠠᠢᠨ ᠰᠠᠢᠬᠠᠨ ᠢ ᠬᠦᠰᠡᠶ᠎ᠡ᠃