ᠳᠠᠭᠤᠯᠠᠯ ᠳᠥᠴᠢᠨ ᠵᠢᠷᠭᠤᠭ᠎ᠠ
ᠪᠢᠳᠡᠨ ᠦ ᠬᠣᠷᠭᠣᠳᠠᠬᠤ ᠭᠠᠵᠠᠷ
ᠺᠣᠷᠠ ᠶᠢᠨ ᠬᠣᠢᠴᠢᠰ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠲᠤᠩ᠋ᠭᠠᠯᠠᠭ ᠬᠣᠭᠣᠯᠠᠢ ᠳᠤ ᠨᠡᠢᠴᠡᠭᠦᠯᠦᠭᠰᠡᠨ ᠳᠠᠭᠤᠤ᠃
1 ᠪᠤᠷᠬᠠᠨ ᠪᠣᠯ ᠪᠢᠳᠡᠨ ᠦ ᠬᠣᠷᠭᠣᠳᠠᠬᠤ ᠭᠠᠵᠠᠷ᠂ ᠪᠢᠳᠡᠨ ᠦ ᠬᠦᠴᠦ᠂ ᠪᠡᠷᠬᠡ ᠶᠢᠨ ᠳᠤᠮᠳᠠ ᠣᠯᠳᠠᠳᠠᠭ ᠠᠭᠤᠤ ᠲᠤᠰᠠᠯᠠᠮᠵᠢ ᠶᠤᠮ᠃
2 ᠲᠡᠢᠮᠦ ᠡᠴᠡ ᠳᠡᠯᠡᠬᠡᠢ ᠬᠤᠪᠢᠷᠠᠭᠰᠠᠨ ᠴᠤ ᠠᠭᠤᠯᠠᠰ ᠳᠠᠯᠠᠢ ᠶᠢᠨ ᠭᠣᠣᠯ ᠤᠷᠤᠭᠤ ᠤᠨᠠᠭᠰᠠᠨ ᠴᠤ
3 ᠤᠰᠤ ᠬᠦᠷᠬᠢᠷᠡᠨ ᠬᠥᠭᠡᠰᠦᠷᠡᠭᠰᠡᠨ ᠴᠤ ᠴᠠᠯᠭᠢᠶᠠᠨ ᠳᠤᠨᠢ ᠠᠭᠤᠯᠠᠰ ᠴᠡᠴᠡᠷᠡᠭᠰᠡᠨ ᠴᠤ ᠪᠢᠳᠡ ᠠᠶᠤᠬᠤ ᠦᠭᠡᠢ᠃
ᠰᠧᠯᠠ
4 ᠨᠢᠭᠡᠨ ᠮᠥᠷᠡᠨ ᠪᠤᠢ᠂ ᠲᠡᠭᠦᠨ ᠦ ᠤᠷᠤᠰᠬᠠᠯ ᠤᠳ ᠪᠤᠷᠬᠠᠨ ᠤ ᠬᠣᠲᠠ ᠶᠢ᠂ ᠬᠠᠮᠤᠭ ᠤᠨ ᠳᠡᠭᠡᠳᠦ ᠨᠢᠭᠡᠨ ᠦ ᠣᠷᠣᠰᠢᠳᠠᠭ ᠠᠷᠢᠭᠤᠨ ᠭᠠᠵᠠᠷ ᠢ ᠪᠠᠶᠠᠰᠬᠠᠳᠠᠭ᠂
5 ᠪᠤᠷᠬᠠᠨ ᠭᠣᠣᠯ ᠳᠤᠨᠢ ᠪᠠᠢᠳᠠᠭ ᠲᠤᠯᠠ ᠲᠡᠷᠡ ᠬᠣᠲᠠ ᠭᠠᠩ᠋ᠬᠤᠬᠤ ᠦᠭᠡᠢ᠂ ᠪᠤᠷᠬᠠᠨ ᠲᠡᠭᠦᠨ ᠳᠦ ᠦᠷ ᠦᠨ ᠭᠡᠭᠡ ᠪᠡᠷ ᠲᠤᠰᠠᠯᠠᠨ᠎ᠠ᠃
6 ᠦᠨᠳᠦᠰᠦᠲᠡᠨ ᠨᠦᠭᠦᠳ ᠦᠢᠮᠡᠵᠦ᠂ ᠬᠠᠭᠠᠨᠴᠢᠯᠠᠯ ᠤᠳ ᠭᠠᠩ᠋ᠬᠤᠪᠠ ᠪᠤᠷᠬᠠᠨ ᠳᠤᠤᠭᠠᠷᠬᠤ ᠳᠤ᠂ ᠭᠠᠵᠠᠷ ᠬᠠᠢᠯᠪᠠ᠂
7 ᠠᠤᠭ᠎ᠠ ᠬᠦᠴᠦᠲᠦ ᠶᠣᠬᠣᠸᠠ ᠪᠢᠳᠡᠨ ᠲᠡᠢ ᠬᠠᠮᠲᠤ ᠪᠠᠢᠨ᠎ᠠ᠂ ᠶᠠᠺᠣᠪ ᠤᠨ ᠪᠤᠷᠬᠠᠨ ᠪᠣᠯ ᠪᠢᠳᠡᠨ ᠦ ᠴᠠᠢᠵᠠ ᠶᠤᠮ᠃
ᠰᠧᠯᠠ
8 ᠢᠷ᠎ᠡ᠂ ᠪᠤᠷᠬᠠᠨ ᠤ ᠦᠢᠯᠡᠰ ᠢ ᠬᠠᠷ᠎ᠠ ᠳᠡᠯᠡᠬᠡᠢ ᠶᠢ ᠲᠡᠷᠡ ᠬᠣᠭᠣᠰᠣᠷᠠᠭᠤᠯᠤᠭᠰᠠᠨ ᠶᠤᠮ᠂
9 ᠳᠡᠯᠡᠬᠡᠢ ᠶᠢᠨ ᠬᠢᠵᠠᠭᠠᠷ ᠲᠤ ᠬᠦᠷᠲᠡᠯ᠎ᠡ ᠳᠠᠢᠨ ᠢ ᠵᠣᠭᠰᠣᠭᠠᠭᠴᠢ ᠨᠢ ᠲᠡᠷᠡ᠂ ᠲᠡᠷᠡ ᠪᠡᠷ ᠨᠤᠮᠤ ᠶᠢ ᠬᠤᠭᠤᠯᠤᠨ᠂ ᠵᠢᠳᠠ ᠶᠢ ᠬᠤᠭᠤᠴᠢᠵᠤ ᠲᠡᠷᠭᠡ ᠨᠦᠭᠦᠳ ᠢ ᠭᠠᠯᠳᠠᠨ ᠰᠢᠲᠠᠭᠠᠨ᠎ᠠ᠃
10 《ᠲᠠ ᠨᠠᠷ ᠳᠠᠭᠤ ᠦᠭᠡᠢ ᠪᠠᠢᠵᠤ᠂ ᠪᠤᠷᠬᠠᠨ ᠭᠡᠳᠡᠭ ᠢ ᠮᠢᠨᠢ ᠮᠡᠳᠡ ᠪᠢ ᠦᠨᠳᠦᠰᠦᠲᠡᠨ ᠨᠦᠭᠦᠳ ᠦᠨ ᠳᠤᠮᠳᠠ ᠡᠷᠭᠦᠮᠵᠢᠯᠡᠭᠳᠡᠨ᠎ᠡ ᠪᠢ ᠳᠡᠯᠡᠬᠡᠢ ᠳᠦ ᠡᠷᠭᠦᠮᠵᠢᠯᠡᠭᠳᠡᠨ᠎ᠡ᠃》
11 ᠠᠤᠭ᠎ᠠ ᠬᠦᠴᠦᠲᠦ ᠶᠣᠬᠣᠸᠠ ᠪᠢᠳᠡᠨ ᠲᠡᠢ ᠬᠠᠮᠲᠤ ᠪᠠᠢᠨ᠎ᠠ ᠶᠠᠺᠣᠪ ᠤᠨ ᠪᠤᠷᠬᠠᠨ ᠪᠣᠯ ᠪᠢᠳᠡᠨ ᠦ ᠴᠠᠢᠵᠠ ᠶᠤᠮ᠃
ᠰᠧᠯᠠ