ᠳᠠᠭᠤᠯᠠᠯ ᠨᠠᠶᠠᠨ ᠳᠣᠯᠣᠭ᠎ᠠ
ᠦᠨᠳᠦᠰᠦᠲᠡᠨ ᠨᠦᠭᠦᠳ ᠦᠨ ᠡᠬᠡ ᠪᠣᠯᠬᠤ ᠽᠢᠶᠣᠨ
ᠺᠣᠷᠠᠴᠤᠳ ᠤᠨ ᠳᠠᠭᠤᠯᠠᠯ᠂ ᠳᠠᠭᠤᠤ᠃
1 ᠲᠡᠭᠦᠨ ᠦ ᠰᠠᠭᠤᠷᠢ ᠠᠷᠢᠭᠤᠨ ᠠᠭᠤᠯᠠᠨ ᠳᠤ ᠪᠤᠢ᠃
2 ᠶᠣᠬᠣᠸᠠ ᠽᠢᠶᠣᠨ ᠤ ᠬᠠᠭᠠᠯᠭ᠎ᠠ ᠨᠤᠭᠤᠳ ᠢ ᠶᠠᠺᠣᠪ ᠤᠨ ᠰᠠᠭᠤᠳᠠᠭ ᠪᠦᠬᠦ ᠭᠠᠵᠠᠷ ᠠᠴᠠ ᠢᠯᠡᠭᠦᠦ ᠬᠠᠢᠷᠠᠯᠠᠳᠠᠭ᠃
3 ᠪᠤᠷᠬᠠᠨ ᠤ ᠬᠣᠲᠠ ᠡ ᠴᠢᠨᠦ ᠲᠠᠯ᠎ᠠ ᠪᠠᠷ ᠵᠢᠪᠬᠤᠯᠠᠩᠲᠤ ᠵᠦᠢᠯᠡᠰ ᠵᠠᠷᠯᠠᠭᠳᠠᠭᠰᠠᠨ ᠪᠠᠢᠨ᠎ᠠ᠄
ᠰᠧᠯᠠ
4 《ᠨᠠᠮᠠᠶᠢ ᠮᠡᠳᠡᠭᠴᠢᠳ ᠤᠨ ᠲᠣᠭᠠᠨ ᠳᠤ ᠪᠢ ᠷᠠᠬᠠᠪ 20 ᠪᠣᠯᠣᠨ ᠪᠠᠪᠢᠯᠣᠨ ᠢ ᠣᠷᠣᠭᠤᠯᠤᠨ᠎ᠠ᠂ ᠬᠠᠷ᠎ᠠ᠂ ᠹᠢᠯᠢᠰᠲ ᠪᠠ ᠲᠢᠷ᠂ ᠮᠥᠨ ᠺᠦᠱ ᠤᠨ ᠲᠠᠯ᠎ᠠ ᠪᠠᠷ 〈ᠡᠨᠡ ᠴᠤ ᠲᠡᠨᠳᠡ ᠲᠥᠷᠥᠭᠰᠡᠨ〉 ᠭᠡᠭᠳᠡᠬᠦ ᠪᠣᠯᠣᠨ᠎ᠠ᠃》
5 ᠬᠠᠷᠢᠨ ᠽᠢᠶᠣᠨ ᠤ ᠲᠤᠬᠠᠢ 《ᠡᠨᠡ ᠴᠤ᠂ ᠲᠡᠷᠡ ᠴᠤ 〈ᠲᠡᠭᠦᠨ ᠦ ᠳᠣᠲᠣᠷ᠎ᠠ ᠲᠥᠷᠥᠭᠰᠡᠨ〉》 ᠭᠡᠵᠦ ᠶᠠᠷᠢᠭᠳᠠᠨ᠎ᠠ᠂ ᠬᠠᠮᠤᠭ ᠤᠨ ᠳᠡᠭᠡᠳᠦ ᠨᠢᠭᠡᠨ ᠥᠪᠡᠷ ᠢᠶᠡᠨ ᠲᠡᠭᠦᠨ ᠢ ᠪᠣᠰᠬᠠᠨ᠎ᠠ᠃
6 ᠶᠣᠬᠣᠸᠠ ᠦᠨᠳᠦᠰᠦᠲᠡᠨ ᠨᠦᠭᠦᠳ ᠢ ᠪᠢᠴᠢᠮᠡᠯ ᠳᠡᠭᠡᠷ᠎ᠡ ᠪᠦᠷᠢᠳᠬᠡᠬᠦ ᠳᠡᠭᠡᠨ 《ᠡᠨᠡ ᠴᠤ ᠲᠡᠨᠳᠡ ᠲᠥᠷᠥᠭᠰᠡᠨ》 ᠭᠡᠨ᠎ᠡ᠃
ᠰᠧᠯᠠ
7 ᠳᠠᠭᠤᠴᠢᠳ ᠪᠥᠵᠢᠭᠴᠢᠳ ᠠᠳᠠᠯᠢᠬᠠᠨ ᠢᠶᠠᠷ 《ᠪᠦᠬᠦ ᠡᠬᠢ ᠪᠤᠯᠠᠭ ᠮᠢᠨᠢ ᠴᠢᠮ᠎ᠠ ᠳᠤ ᠪᠤᠢ》 ᠭᠡᠨ᠎ᠡ᠃ ᠡᠽᠷᠠ ᠬᠥᠮᠦᠨ ᠾᠧᠮᠠᠨ ᠤ ᠰᠤᠷᠭᠠᠯᠲᠤ ᠳᠠᠭᠤᠯᠠᠯ᠃