ᠳᠠᠭᠤᠯᠠᠯ ᠬᠣᠷᠢ
ᠪᠢᠳᠡᠨ ᠦ ᠬᠠᠭᠠᠨ ᠢᠯᠠᠭᠠᠰᠠᠢ
ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃
1 ᠵᠣᠪᠠᠯᠠᠩ ᠤᠨ ᠡᠳᠦᠷ ᠶᠣᠬᠣᠸᠠ ᠲᠠᠨ ᠳᠤ ᠬᠠᠷᠢᠭᠤᠯᠬᠤ ᠪᠣᠯᠲᠤᠭᠠᠢ︕ ᠶᠠᠺᠣᠪ ᠤᠨ ᠪᠤᠷᠬᠠᠨ ᠤ ᠨᠡᠷ᠎ᠡ ᠲᠠᠨ ᠢ ᠬᠠᠮᠠᠭᠠᠯᠠᠬᠤ ᠪᠣᠯᠲᠤᠭᠠᠢ︕
2 ᠲᠡᠷᠡ ᠠᠷᠢᠭᠤᠨ ᠭᠠᠵᠠᠷ ᠠᠴᠠ ᠪᠠᠨ ᠲᠤᠰᠠᠯᠠᠮᠵᠢ ᠢᠯᠡᠭᠡᠵᠦ ᠽᠢᠶᠣᠨ ᠠᠴᠠ ᠲᠠᠨ ᠤᠷᠤᠭᠤ ᠳᠡᠮᠵᠢᠯᠭᠡ ᠶᠠᠪᠤᠭᠤᠯᠵᠤ
3 ᠲᠠᠨ ᠤ ᠪᠦᠬᠦ ᠢᠳᠡᠭᠡᠨ ᠡᠷᠭᠦᠯ ᠢ ᠠᠩ᠋ᠬᠠᠷᠴᠤ ᠲᠠᠨ ᠤ ᠰᠢᠲᠠᠭᠠᠯᠭᠠᠲᠤ ᠲᠠᠬᠢᠯ ᠢ ᠲᠠᠭᠠᠰᠢᠶᠠᠬᠤ ᠪᠣᠯᠲᠤᠭᠠᠢ︕
ᠰᠧᠯᠠ
4 ᠲᠠᠨ ᠤ ᠵᠢᠷᠦᠬᠡᠨ ᠦ ᠬᠦᠰᠡᠯ ᠢ ᠲᠡᠷᠡ ᠵᠥᠪᠰᠢᠶᠡᠷᠡᠵᠦ ᠲᠠᠨ ᠤ ᠪᠦᠬᠦ ᠵᠣᠷᠢᠯᠭ᠎ᠠ ᠶᠢ ᠪᠡᠶᠡᠯᠡᠭᠦᠯᠬᠦ ᠪᠣᠯᠲᠤᠭᠠᠢ︕
5 ᠲᠠᠨ ᠤ ᠢᠯᠠᠯᠲᠠ ᠳᠤ ᠪᠢᠳᠡ ᠪᠠᠶᠠᠰᠤᠨ ᠳᠠᠭᠤᠯᠠᠵᠤ ᠪᠤᠷᠬᠠᠨ ᠤ ᠪᠠᠨ ᠨᠡᠷ᠎ᠡ ᠪᠡᠷ ᠲᠤᠭ ᠢᠶᠠᠨ ᠮᠠᠨᠳᠤᠭᠤᠯᠤᠨ᠎ᠠ᠂ ᠶᠣᠬᠣᠸᠠ ᠪᠦᠬᠦ ᠭᠤᠶᠤᠯᠲᠠ ᠶᠢ ᠲᠠᠨᠢ ᠪᠡᠶᠡᠯᠡᠭᠦᠯᠬᠦ ᠪᠣᠯᠲᠤᠭᠠᠢ︕
6 ᠣᠳᠣ ᠪᠢ ᠮᠡᠳᠡᠯ᠎ᠡ᠂ ᠶᠣᠬᠣᠸᠠ ᠥᠪᠡᠷ ᠦᠨ ᠲᠣᠰᠣᠯᠠᠭᠰᠠᠨ ᠨᠢᠭᠡᠨ ᠳᠡᠭᠡᠨ ᠢᠯᠠᠯᠲᠠ ᠶᠢ ᠰᠣᠶᠣᠷᠬᠠᠨ᠎ᠠ ᠢᠯᠠᠯᠲᠠ ᠶᠢᠨ 6 ᠬᠦᠴᠦᠲᠦ ᠪᠠᠷᠠᠭᠤᠨ ᠮᠤᠲᠤᠷ ᠢᠶᠠᠷ ᠢᠶᠠᠨ ᠠᠷᠢᠭᠤᠨ ᠲᠩᠷᠢ ᠡᠴᠡ ᠪᠡᠨ ᠲᠡᠭᠦᠨ ᠳᠦ ᠬᠠᠷᠢᠭᠤᠯᠤᠨ᠎ᠠ᠃
7 ᠵᠠᠷᠢᠮ ᠨᠢ ᠲᠡᠷᠭᠡᠨ ᠳᠦ᠂ ᠵᠠᠷᠢᠮ ᠨᠢ ᠮᠣᠷᠢᠳ ᠲᠤ ᠨᠠᠢᠳᠠᠳᠠᠭ ᠪᠣᠯ ᠪᠢᠳᠡ ᠶᠣᠬᠣᠸᠠ ᠪᠤᠷᠬᠠᠨ ᠤ ᠪᠠᠨ ᠨᠡᠷ᠎ᠡ ᠳᠦ ᠨᠠᠢᠳᠠᠨ᠎ᠠ᠃
8 ᠲᠡᠳᠡ ᠪᠥᠬᠥᠢᠨ ᠤᠨᠠᠵᠠᠭᠠᠬᠤ ᠳᠤ ᠪᠢᠳᠡ ᠪᠣᠰᠴᠠᠭᠠᠵᠤ᠂ ᠪᠠᠲᠤ ᠵᠣᠭᠰᠣᠨ᠎ᠠ᠂
9 ᠶᠣᠬᠣᠸᠠ᠂ ᠢᠯᠠᠯᠲᠠ ᠶᠢ ᠰᠣᠶᠣᠷᠬᠠᠭᠠᠴᠢ︕ ᠪᠢᠳᠡᠨ ᠦ ᠳᠠᠭᠤᠳᠠᠬᠤ ᠡᠳᠦᠷ ᠬᠠᠭᠠᠨ ᠪᠢᠳᠡᠨ ᠳᠦ ᠬᠠᠷᠢᠭᠤᠯᠬᠤ ᠪᠣᠯᠲᠤᠭᠠᠢ︕