1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠴᠢᠨ ᠬᠣᠶᠠᠷ
 ᠠᠭᠤᠴᠢᠯᠠᠭᠳᠠᠭᠰᠠᠨ ᠬᠥᠮᠦᠨ ᠦ ᠪᠠᠶᠠᠷ
 ᠳ᠋ᠠᠸᠢᠳ᠋ ᠤᠨ ᠰᠤᠷᠭᠠᠯᠲᠤ ᠳᠠᠭᠤᠯᠠᠯ᠃

1 ᠪᠤᠷᠤᠭᠤ ᠪᠠᠨ ᠠᠭᠤᠴᠢᠯᠠᠭᠤᠯᠤᠭᠰᠠᠨ ᠨᠢᠭᠦᠯ ᠢᠶᠡᠨ ᠪᠦᠲᠡᠭᠡᠯᠭᠡᠭᠰᠡᠨ ᠬᠥᠮᠦᠨ ᠪᠤᠶᠠᠨ ᠲᠠᠢ︕
2 ᠶᠣᠬᠣᠸᠠ ᠳᠤ ᠭᠡᠮ ᠲᠡᠢ ᠭᠡᠵᠦ ᠲᠣᠭᠠᠴᠠᠭᠳᠠᠬᠤ ᠦᠭᠡᠢ ᠰᠦᠨᠡᠰᠦᠨ ᠳᠡᠭᠡᠨ ᠵᠠᠯᠢ ᠦᠭᠡᠢ ᠬᠥᠮᠦᠨ ᠪᠤᠶᠠᠨ ᠲᠠᠢ︕

3 ᠪᠢ ᠳᠠᠭᠤ ᠦᠭᠡᠢ ᠪᠠᠢᠬᠤ ᠳᠠᠭᠠᠨ ᠡᠳᠦᠷᠵᠢᠨ ᠢᠶᠠᠨ ᠶᠣᠣᠯᠠᠭᠰᠠᠨ ᠠᠴᠠ ᠪᠣᠯᠵᠤ ᠶᠠᠰᠤ ᠮᠢᠨᠢ ᠰᠤᠯᠠᠷᠠᠭᠰᠠᠨ
4 ᠡᠳᠦᠷ ᠰᠥᠨᠢ ᠦᠭᠡᠢ ᠲᠠᠨ ᠤ ᠮᠤᠲᠤᠷ ᠨᠠᠳᠠ ᠳᠤ ᠬᠦᠨᠳᠦᠳᠡᠵᠦ ᠪᠠᠢᠨ᠎ᠠ ᠰᠢᠮ᠎ᠡ ᠰᠢᠭᠦᠰᠦ ᠮᠢᠨᠢ ᠵᠤᠨ ᠤ ᠭᠠᠩ ᠳᠤ ᠬᠠᠲᠠᠭᠰᠠᠨ ᠮᠡᠲᠦ ᠪᠣᠯᠵᠠᠢ᠂
 
ᠰᠧᠯᠠ

5 ᠪᠢ ᠶᠣᠬᠣᠸᠠ ᠳᠤ ᠭᠡᠮ ᠢᠶᠡᠨ ᠥᠴᠢᠶ᠎ᠡ ᠭᠡᠳ ᠨᠢᠭᠦᠯ ᠢᠶᠡᠨ ᠲᠠᠨ ᠠᠴᠠ ᠨᠢᠭᠤᠯ ᠦᠭᠡᠢ ᠳᠤᠭᠤᠯᠭᠠᠬᠤ ᠳᠤ ᠲᠠ ᠨᠢᠭᠦᠯ ᠠᠯᠳᠠᠭ᠎ᠠ ᠶᠢ ᠮᠢᠨᠢ ᠠᠭᠤᠴᠢᠯᠠᠭᠰᠠᠨ ᠪᠢᠯᠡ᠃
 
ᠰᠧᠯᠠ

6 ᠲᠡᠢᠨ ᠬᠦ ᠦᠨᠡᠨᠴᠢ ᠬᠥᠮᠦᠨ ᠪᠣᠯᠭᠠᠨ ᠲᠠᠨ ᠢ ᠣᠯᠬᠤ ᠴᠠᠭ ᠲᠠᠭᠠᠨ ᠲᠠᠨ ᠳᠤ ᠳᠠᠭᠠᠳᠬᠠᠬᠤ ᠤᠴᠢᠷᠲᠠᠢ᠂ ᠦᠶᠡᠷ ᠤᠰᠤ ᠪᠣᠯᠣᠭᠰᠠᠨ ᠴᠤ ᠲᠡᠢᠮᠦ ᠬᠥᠮᠦᠨ ᠳᠦ ᠶᠡᠷᠦ ᠬᠦᠷᠬᠦ ᠦᠭᠡᠢ᠃
7 ᠲᠠ ᠮᠢᠨᠦ ᠬᠣᠷᠭᠣᠳᠠᠬᠤ ᠭᠠᠵᠠᠷ᠂ ᠲᠠ ᠨᠠᠮᠠᠶᠢ ᠵᠣᠪᠠᠯᠠᠩ ᠠᠴᠠ ᠬᠠᠮᠠᠭᠠᠯᠠᠨ ᠠᠪᠤᠷᠠᠯ ᠤᠨ ᠳᠠᠭᠤ ᠪᠠᠷ ᠬᠦᠷᠢᠶᠡᠯᠡᠨ᠎ᠡ᠃
 
ᠰᠧᠯᠠ

8 ᠪᠢ ᠶᠠᠪᠤᠬᠤ ᠶᠣᠰᠣᠲᠠᠢ ᠵᠠᠮ ᠢ ᠴᠢᠨᠢ ᠵᠢᠭᠠᠪᠤᠷᠢᠯᠠᠨ ᠵᠢᠭᠠᠵᠤ ᠥᠭᠭᠥᠨ᠎ᠡ ᠨᠢᠳᠦ ᠮᠢᠨᠢ ᠴᠢᠮ᠎ᠠ ᠳᠡᠭᠡᠷ᠎ᠡ ᠪᠠᠢᠵᠤ᠂ ᠴᠢᠮ᠎ᠠ ᠳᠤ ᠵᠥᠪᠯᠡᠨ᠎ᠡ᠃
9 ᠲᠠ ᠨᠠᠷ ᠤᠬᠠᠭᠠᠨ ᠦᠭᠡᠢ ᠮᠣᠷᠢ᠂ ᠡᠰᠡᠪᠡᠯ ᠯᠠᠭᠤᠰᠠ ᠰᠢᠭ᠋ ᠪᠦᠦ ᠪᠠᠢ ᠬᠠᠵᠠᠭᠠᠷ ᠨᠣᠭᠲᠣ ᠪᠠᠷ ᠵᠠᠯᠠᠬᠤ ᠠᠴᠠ ᠨᠠᠰᠢ ᠲᠡᠳᠡ ᠣᠢᠷᠠᠲᠤᠨ ᠢᠷᠡᠬᠦ ᠦᠭᠡᠢ᠃
10 ᠪᠤᠷᠤᠭᠤᠲᠠᠨ ᠣᠯᠠᠨ ᠭᠠᠢ ᠵᠣᠪᠠᠯᠠᠩ ᠲᠠᠢ ᠭᠡᠪᠡᠴᠦ ᠶᠣᠬᠣᠸᠠ ᠳᠤ ᠨᠠᠢᠳᠠᠳᠠᠭ ᠬᠥᠮᠦᠨ ᠢ ᠦᠨᠡᠨ ᠬᠠᠢᠷ᠎ᠠ ᠬᠦᠷᠢᠶᠡᠯᠡᠨ᠎ᠡ᠃
11 ᠵᠥᠪᠲᠦ ᠬᠥᠮᠦᠰ ᠡ᠂ ᠶᠣᠬᠣᠸᠠ ᠳᠣᠲᠣᠷ᠎ᠠ ᠪᠠᠶᠠᠷᠯᠠᠨ ᠪᠠᠶᠠᠰᠤᠭᠲᠤᠨ ᠵᠢᠷᠦᠬᠡ ᠨᠢ ᠰᠢᠳᠤᠷᠭᠤ ᠪᠦᠭᠦᠳᠡ ᠡ᠂ ᠪᠠᠶᠠᠷᠯᠠᠨ ᠬᠠᠰᠬᠢᠷᠤᠭᠲᠤᠨ︕