1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠬᠣᠶᠠᠷ
 ᠭᠡᠮᠰᠢᠭ᠍ᠴᠢ ᠰᠡᠷᠭᠦᠬᠦ ᠶᠢ ᠬᠦᠰᠡᠪᠡ
 ᠵᠣᠪᠠᠯᠠᠩᠲᠤ ᠬᠥᠮᠦᠨ ᠰᠢᠨᠠᠯᠵᠤ᠂ ᠭᠣᠮᠣᠳᠠᠯ ᠢᠶᠠᠨ ᠶᠣᠬᠣᠸᠠ ᠶᠢᠨ ᠡᠮᠦᠨ᠎ᠡ ᠠᠭᠤᠳᠠᠯᠬᠤ ᠦᠶ᠎ᠡ ᠶᠢᠨ ᠳᠠᠭᠠᠳᠬᠠᠯ᠃

1 ᠶᠣᠬᠣᠸᠠ᠂ ᠭᠤᠶᠤᠯᠲᠠ ᠶᠢ ᠮᠢᠨᠢ ᠰᠣᠨᠣᠰᠣᠭᠠᠴᠢ︕ ᠬᠠᠰᠬᠢᠷᠤᠯᠲᠠ ᠮᠢᠨᠢ ᠲᠠᠨ ᠳᠤ ᠬᠥᠷᠥᠭ᠃
2 ᠭᠠᠰᠠᠯᠠᠩ ᠲᠠᠢ ᠡᠳᠦᠷ ᠲᠦ ᠮᠢᠨᠢ ᠨᠠᠳᠠ ᠠᠴᠠ ᠨᠢᠭᠤᠷ ᠢᠶᠠᠨ ᠪᠦᠦ ᠨᠢᠭᠤᠭᠠᠴᠢ ᠨᠠᠳᠠ ᠤᠷᠤᠭᠤ ᠴᠢᠬᠢ ᠪᠠᠨ ᠬᠠᠨᠳᠤᠭᠤᠯᠤᠭᠠᠴᠢ ᠳᠠᠭᠤᠳᠠᠬᠤ ᠡᠳᠦᠷ ᠮᠢᠨᠢ ᠬᠤᠷᠳᠤᠨ ᠬᠠᠷᠢᠭᠤᠯᠤᠭᠠᠴᠢ᠂
3 ᠡᠳᠦᠷ ᠤᠳ ᠮᠢᠨᠢ ᠤᠲᠤᠭ᠎ᠠ ᠰᠢᠭ᠋ ᠵᠠᠮᠬᠠᠷᠠᠵᠤ ᠶᠠᠰᠤ ᠨᠤᠭᠤᠳ ᠮᠢᠨᠢ ᠵᠤᠤᠬ᠎ᠠ ᠠᠳᠠᠯᠢ ᠰᠢᠲᠠᠭᠰᠠᠨ᠃
4 ᠵᠢᠷᠦᠬᠡ ᠮᠢᠨᠢ ᠴᠣᠬᠢᠭᠤᠯᠤᠨ ᠡᠪᠡᠰᠦ ᠰᠢᠭ ᠬᠠᠲᠠᠵᠤ ᠪᠢ ᠬᠣᠭᠣᠯᠠ ᠪᠠᠨ ᠢᠳᠡᠬᠦ ᠪᠡᠨ ᠴᠤ ᠮᠠᠷᠲᠠᠭᠰᠠᠨ᠃
5 ᠶᠣᠣᠯᠠᠬᠤ ᠳᠠᠭᠤ ᠠᠴᠠ ᠮᠢᠨᠢ ᠪᠣᠯᠵᠤ ᠶᠠᠰᠤ ᠮᠢᠨᠢ ᠠᠷᠠᠰᠤᠨ ᠳᠠᠭᠠᠨ ᠨᠠᠭᠠᠯᠳᠤᠪᠠ᠃
6 ᠪᠢ ᠴᠥᠯ ᠦᠨ ᠣᠭᠣᠯᠢ ᠰᠢᠭ᠋ ᠵᠡᠯᠢᠭᠦᠳ ᠭᠠᠵᠠᠷ ᠤᠨ ᠰᠢᠷ᠎ᠠ ᠰᠢᠪᠠᠭᠤ ᠰᠢᠭ᠋᠂
7 ᠳᠤᠭᠬᠢᠬᠦ ᠦᠭᠡᠢ ᠪᠠᠢᠳᠠᠭ ᠳᠡᠭᠡᠪᠦᠷ ᠳᠡᠭᠡᠷᠡᠬᠢ ᠭᠠᠭᠴᠠᠭᠠᠷᠳᠠᠭᠰᠠᠨ ᠪᠢᠯᠵᠤᠤᠬᠠᠢ ᠰᠢᠭ᠋ ᠪᠣᠯᠣᠯ᠎ᠠ᠃

8 ᠳᠠᠢᠰᠤᠨ ᠨᠤᠭᠤᠳ ᠮᠢᠨᠢ ᠨᠠᠮᠠᠶᠢ ᠡᠳᠦᠷᠵᠢᠨ ᠳᠣᠷᠣᠮᠵᠢᠯᠠᠵᠤ ᠳᠣᠭᠣᠭᠢᠯᠠᠭᠴᠢᠳ ᠮᠢᠨᠦ ᠨᠡᠷ᠎ᠡ ᠪᠡᠷ ᠬᠠᠷᠢᠶᠠᠳᠠᠭ᠃
9 ᠪᠢ ᠦᠨᠡᠰᠦ ᠶᠢ ᠬᠣᠭᠣᠯᠠ ᠰᠢᠭ᠋ ᠢᠳᠡᠵᠦ ᠤᠮᠳᠠᠭᠠᠨ ᠢᠶᠠᠨ ᠨᠢᠯᠪᠤᠰᠤ ᠲᠠᠢ ᠬᠣᠯᠢᠭᠰᠠᠨ᠂
10 ᠤᠴᠢᠷ ᠨᠢ ᠲᠠ ᠠᠭᠤᠷᠯᠠᠨ ᠬᠢᠯᠢᠩᠨᠡᠵᠦ ᠨᠠᠮᠠᠶᠢ ᠳᠡᠭᠡᠭᠰᠢ ᠡᠷᠭᠦᠭᠡᠳ ᠰᠢᠳᠡᠭᠰᠡᠨ᠃
11 ᠡᠳᠦᠷ ᠤᠳ ᠮᠢᠨᠢ ᠦᠳᠡᠰᠢ ᠶᠢᠨ ᠰᠡᠭᠦᠳᠡᠷ ᠠᠳᠠᠯᠢ᠂ ᠡᠪᠡᠰᠦ ᠮᠡᠲᠦ ᠪᠢ ᠬᠣᠷᠪᠣᠢᠵᠤ ᠪᠠᠢᠨ᠎ᠠ᠃

12 ᠬᠠᠷᠢᠨ ᠶᠣᠬᠣᠸᠠ ᠲᠠ ᠡᠭᠦᠷᠢᠳᠡ ᠵᠠᠯᠠᠷᠠᠨ ᠪᠠᠢᠭᠰᠠᠭᠠᠷ ᠦᠶ᠎ᠡ ᠶᠢᠨ ᠦᠶ᠎ᠡ ᠳᠦ ᠳᠤᠷᠠᠰᠤᠭᠳᠠᠬᠤ ᠪᠣᠯᠣᠨ᠎ᠠ᠃
13 ᠲᠠ ᠪᠣᠰᠴᠤ᠂ ᠽᠢᠶᠣᠨ ᠢ ᠥᠷᠥ ᠡᠪᠡᠳᠦᠨ᠎ᠡ᠂ ᠲᠡᠭᠦᠨ ᠢ ᠡᠨᠡᠷᠢᠬᠦ ᠴᠠᠭ᠂ ᠲᠡᠭᠦᠨ ᠦ ᠲᠣᠭᠲᠠᠭᠠᠭᠳᠠᠭᠰᠠᠨ ᠴᠠᠭ ᠢᠷᠡᠯ᠎ᠡ᠃
14 ᠲᠡᠷᠡ ᠴᠠᠭ ᠲᠤ ᠵᠠᠷᠤᠴᠠ ᠨᠠᠷ ᠲᠠᠨᠢ ᠴᠢᠯᠠᠭᠤᠳ ᠢ ᠨᠢ ᠴᠤ ᠬᠠᠢᠷᠠᠯᠠᠵᠤ ᠰᠢᠷᠣᠢ ᠶᠢ ᠨᠢ ᠴᠤ ᠥᠷᠥ ᠡᠪᠡᠳᠦᠨ᠎ᠡ᠃
15 ᠦᠨᠳᠦᠰᠦᠲᠡᠨ ᠨᠦᠭᠦᠳ ᠶᠣᠬᠣᠸᠠ ᠶᠢᠨ ᠨᠡᠷ᠎ᠡ ᠡᠴᠡ ᠶᠢᠷᠲᠢᠨᠴᠦ ᠶᠢᠨ ᠪᠦᠬᠦ ᠬᠠᠭᠠᠨ ᠲᠠᠨ ᠤ ᠠᠯᠳᠠᠷ ᠠᠴᠠ ᠡᠮᠢᠶᠡᠨ᠎ᠡ᠃
16 ᠤᠴᠢᠷ ᠨᠢ ᠶᠣᠬᠣᠸᠠ ᠽᠢᠶᠣᠨ ᠢ ᠰᠡᠷᠭᠦᠭᠡᠵᠦ ᠴᠣᠭ ᠵᠢᠪᠬᠤᠯᠠᠩ ᠤᠨ ᠢᠶᠠᠨ ᠳᠤᠮᠳᠠ ᠦᠵᠡᠭᠳᠡᠨ᠎ᠡ᠃
17 ᠶᠣᠬᠣᠸᠠ ᠦᠭᠡᠭᠦᠴᠦᠳ ᠦᠨ ᠳᠠᠭᠠᠳᠬᠠᠯ ᠢ ᠣᠢᠰᠢᠶᠠᠵᠤ ᠲᠡᠳᠡᠨ ᠦ ᠳᠠᠭᠠᠳᠬᠠᠯ ᠢ ᠪᠠᠰᠤᠮᠵᠢᠯᠠᠭ᠎ᠠ ᠦᠭᠡᠢ᠃

18 ᠬᠣᠢᠴᠢ ᠦᠶ᠎ᠡ ᠶᠢᠨ ᠬᠢᠨ ᠤ ᠪᠠᠨ ᠲᠥᠯᠥᠭᠡ ᠡᠭᠦᠨ ᠢ ᠲᠡᠮᠳᠡᠭᠯᠡ ᠬᠣᠵᠢᠮ ᠡᠭᠦᠰᠬᠦ ᠠᠷᠠᠳ ᠲᠦᠮᠡᠨ ᠶᠣᠬᠣᠸᠠ ᠶᠢ ᠮᠠᠭᠲᠠᠨ᠄
19 《ᠶᠣᠬᠣᠸᠠ ᠳᠡᠭᠡᠳᠦ ᠠᠷᠢᠭᠤᠨ ᠭᠠᠵᠠᠷ ᠠᠴᠠ ᠪᠠᠨ ᠥᠩᠭᠡᠶᠢᠨ ᠲᠩᠷᠢ ᠡᠴᠡ ᠳᠡᠯᠡᠬᠡᠢ ᠤᠷᠤᠭᠤ ᠰᠢᠷᠲᠡᠭᠰᠡᠨ
20 ᠬᠣᠷᠢᠭᠳᠠᠯ ᠤᠨ ᠶᠣᠣᠯᠠᠬᠤ ᠶᠢ ᠰᠣᠨᠣᠰᠴᠤ ᠦᠬᠦᠬᠦ ᠶᠠᠯᠠᠲᠠᠨ ᠢ ᠴᠢᠯᠥᠭᠡᠯᠡᠵᠡᠢ》 ᠭᠡᠬᠦ ᠪᠣᠯᠣᠨ᠎ᠠ᠃
21 ᠲᠡᠢᠨ ᠬᠦ ᠽᠢᠶᠣᠨ ᠳᠤ ᠶᠣᠬᠣᠸᠠ ᠶᠢᠨ ᠨᠡᠷ᠎ᠡ ᠶᠧᠷᠦ᠋ᠰᠠᠯᠧᠮ ᠳᠤ ᠲᠡᠭᠦᠨ ᠦ ᠮᠠᠭᠲᠠᠭᠠᠯ ᠤᠯᠠᠮᠵᠢᠯᠠᠭᠳᠠᠬᠤ ᠳᠤ
22 ᠬᠠᠷᠢᠴᠤᠳ ᠬᠢᠭᠡᠳ ᠬᠠᠭᠠᠨᠴᠢᠯᠠᠯ ᠤᠳ ᠶᠣᠬᠣᠸᠠ ᠳᠤ ᠮᠥᠷᠭᠥᠬᠦ ᠪᠡᠷ ᠴᠤᠭᠯᠠᠷᠠᠨ᠎ᠠ᠃

23 ᠲᠡᠷᠡ ᠪᠡᠷ ᠵᠠᠮ ᠵᠠᠭᠤᠷ᠎ᠠ ᠴᠢᠳᠠᠯ ᠢ ᠮᠢᠨᠢ ᠰᠤᠯᠠᠷᠠᠭᠤᠯᠵᠤ ᠡᠳᠦᠷ ᠤᠳ ᠢ ᠮᠢᠨᠢ ᠪᠣᠭᠣᠨᠢᠰᠬᠠᠬᠤ ᠳᠤ᠂
24 ᠪᠢ 《ᠪᠤᠷᠬᠠᠨ ᠮᠢᠨᠢ ᠡ᠂ ᠣᠨ ᠵᠢᠯ ᠤᠳ ᠲᠠᠨᠢ ᠦᠶ᠎ᠡ ᠶᠢᠨ ᠦᠶ᠎ᠡ ᠳᠦ ᠡᠳᠦᠷ ᠤᠳ ᠤᠨ ᠮᠢᠨᠢ ᠳᠤᠮᠳᠠ ᠠᠴᠠ ᠨᠠᠮᠠᠶᠢ ᠪᠦᠦ ᠠᠪᠠᠴᠢᠭᠠᠴᠢ》 ᠭᠡᠪᠡ᠃
25 ᠳᠡᠯᠡᠬᠡᠢ ᠶᠢᠨ ᠰᠠᠭᠤᠷᠢ ᠶᠢ ᠲᠠ ᠡᠷᠲᠡ ᠦᠶ᠎ᠡ ᠳᠦ ᠲᠠᠯᠪᠢᠭᠰᠠᠨ ᠲᠩᠷᠢ ᠴᠤ ᠲᠠᠨ ᠤ ᠮᠤᠲᠤᠷ ᠤᠨ ᠪᠦᠲᠦᠭᠡᠯ ᠶᠤᠮ᠃
26 ᠲᠡᠳᠡᠭᠡᠷ ᠨᠢ ᠠᠷᠢᠯᠬᠤ ᠪᠣᠯᠪᠠᠴᠤ ᠲᠠ ᠦᠯᠡᠳᠡᠨ᠎ᠡ ᠲᠡᠷᠡ ᠬᠣᠶᠠᠭᠤᠯᠠ ᠪᠠᠨ ᠬᠤᠪᠴᠠᠰᠤ ᠮᠡᠲᠦ ᠡᠯᠡᠭᠳᠡᠬᠦ ᠪᠣᠯᠣᠨ᠎ᠠ ᠲᠠ ᠲᠡᠳᠡᠭᠡᠷ ᠢ ᠳᠡᠪᠡᠯ ᠮᠡᠲᠦ ᠰᠣᠯᠢᠬᠤ ᠳᠤ᠂ ᠲᠡᠳᠡ ᠰᠣᠯᠢᠭᠳᠠᠨ᠎ᠠ᠃
27 ᠬᠠᠷᠢᠨ ᠲᠠ ᠬᠡᠪ ᠢᠶᠡᠷ ᠢᠶᠠᠨ᠂ ᠲᠠᠨ ᠤ ᠣᠨ ᠵᠢᠯ ᠤᠳ ᠲᠡᠭᠦᠰᠦᠰᠢ ᠦᠭᠡᠢ᠃
28 ᠲᠠᠨ ᠤ ᠣᠷᠣᠰᠢᠬᠤᠢ ᠳᠤ ᠵᠠᠷᠤᠴᠠ ᠨᠠᠷ ᠤᠨ ᠲᠠᠨᠢ ᠬᠡᠦᠬᠡᠳ ᠤᠳ ᠰᠠᠭᠤᠭᠰᠠᠭᠠᠷ ᠦᠷ᠎ᠡ ᠤᠳᠤᠮ ᠨᠢ ᠪᠠᠲᠤ ᠵᠣᠭᠰᠣᠭᠰᠠᠭᠠᠷ ᠪᠠᠢᠬᠤ ᠪᠣᠯᠣᠨ᠎ᠠ᠃