ᠳᠠᠭᠤᠯᠠᠯ ᠠᠷᠪᠠᠨ ᠳᠣᠯᠣᠭ᠎ᠠ
ᠪᠤᠷᠤᠭᠤ ᠦᠭᠡᠢ ᠬᠥᠮᠦᠨ ᠦ ᠭᠤᠶᠤᠯᠲᠠ
ᠳ᠋ᠠᠸᠢᠳ᠋ ᠤᠨ ᠳᠠᠭᠠᠳᠬᠠᠯ᠃
1 ᠵᠥᠪ ᠬᠦᠰᠡᠯᠲᠡ ᠶᠢ ᠮᠢᠨᠢ ᠰᠣᠨᠣᠰᠣᠭᠠᠴᠢ᠂ ᠶᠣᠬᠣᠸᠠ ᠬᠠᠰᠬᠢᠷᠬᠤ ᠶᠢ ᠮᠢᠨᠢ ᠠᠩ᠋ᠬᠠᠷᠤᠭᠠᠴᠢ ᠵᠠᠯᠢ ᠦᠭᠡᠢ ᠣᠷᠣᠭᠤᠯ ᠠᠴᠠ ᠭᠠᠷᠬᠤ ᠳᠠᠭᠠᠳᠬᠠᠯ ᠳᠤ ᠮᠢᠨᠢ ᠴᠢᠬᠢ ᠲᠠᠯᠪᠢᠭᠠᠴᠢ᠃
2 ᠲᠠᠨ ᠠᠴᠠ ᠨᠠᠳᠠ ᠤᠷᠤᠭᠤ ᠵᠥᠪᠲᠥᠭᠡᠯ ᠢᠷᠡᠬᠦ ᠪᠣᠯᠣᠭᠠᠰᠠᠢ ᠲᠠᠨ ᠤ ᠮᠡᠯᠮᠡᠢ ᠰᠢᠳᠤᠷᠭᠤ ᠶᠢ ᠬᠠᠷᠠᠭ᠃
3 ᠲᠠ ᠵᠢᠷᠦᠬᠡ ᠶᠢ ᠮᠢᠨᠢ ᠰᠢᠯᠭᠠᠬᠤ ᠪᠠᠷ ᠰᠥᠨᠢ ᠠᠢᠯᠴᠢᠯᠠᠵᠤ ᠨᠠᠮᠠᠶᠢ ᠰᠣᠷᠢᠭᠰᠠᠨ ᠴᠤ ᠶᠠᠭᠤ ᠴᠤ ᠣᠯᠬᠤ ᠦᠭᠡᠢ ᠪᠢ ᠠᠮᠠ ᠪᠠᠷ ᠢᠶᠠᠨ ᠨᠢᠭᠦᠯ ᠬᠢᠬᠦ ᠦᠭᠡᠢ ᠭᠡᠵᠦ ᠰᠢᠢᠳᠦᠭᠰᠡᠨ᠃
4 ᠬᠥᠮᠦᠨ ᠦ ᠦᠢᠯᠡᠰ ᠦᠨ ᠬᠤᠪᠢ ᠳᠤ ᠪᠢ ᠲᠠᠨ ᠤ ᠠᠮᠠᠨ ᠤ ᠦᠭᠡ ᠶᠢ ᠳᠠᠭᠠᠨ ᠪᠠᠯᠠᠮᠠᠳ ᠬᠥᠮᠦᠨ ᠦ ᠵᠠᠮ ᠠᠴᠠ ᠥᠪᠡᠷ ᠢ ᠪᠠᠨ ᠬᠠᠮᠠᠭᠠᠯᠠᠭᠰᠠᠨ᠂
5 ᠠᠯᠬᠤᠮ ᠮᠢᠨᠢ ᠲᠠᠨ ᠤ ᠬᠠᠷᠭᠤᠢ ᠳᠤ ᠯᠠ ᠪᠠᠢᠭᠰᠠᠭᠠᠷ ᠬᠥᠯ ᠮᠢᠨᠢ ᠬᠠᠯᠲᠤᠷᠢᠭᠰᠠᠨ ᠦᠭᠡᠢ᠃
6 ᠪᠤᠷᠬᠠᠨ ᠮᠢᠨᠢ ᠲᠠ ᠨᠠᠳᠠ ᠳᠤ ᠬᠠᠷᠢᠭᠤᠯᠬᠤ ᠤᠴᠢᠷ ᠪᠢ ᠲᠠᠨ ᠢ ᠳᠠᠭᠤᠳᠠᠯ᠎ᠠ᠂ ᠨᠠᠳᠠ ᠳᠤ ᠴᠢᠬᠢ ᠪᠠᠨ ᠲᠠᠯᠪᠢᠨ᠂ ᠦᠭᠡ ᠶᠢ ᠮᠢᠨᠢ ᠰᠣᠨᠣᠰᠣᠭᠠᠴᠢ᠃
7 ᠥᠪᠡᠷ ᠲᠦ ᠲᠠᠨᠢ ᠨᠠᠢᠳᠠᠭᠴᠢ ᠶᠢ ᠪᠠᠷᠠᠭᠤᠨ ᠮᠤᠲᠤᠷ ᠢᠶᠠᠷ ᠢᠶᠠᠨ ᠥᠰᠲᠡᠨ ᠡᠴᠡ ᠨᠢ ᠠᠪᠤᠷᠠᠳᠠᠭ ᠲᠠ ᠥᠪᠡᠷ ᠦᠨ ᠢᠶᠠᠨ ᠭᠠᠢᠬᠠᠮᠰᠢᠭᠲᠤ ᠦᠨᠡᠨ ᠬᠠᠢᠷ᠎ᠠ ᠶᠢ ᠦᠵᠡᠭᠦᠯᠦᠨ᠎ᠡ᠃
8 ᠨᠠᠮᠠᠶᠢ ᠨᠢᠳᠦᠨ ᠦ ᠴᠡᠴᠡᠭᠡᠢ ᠮᠡᠲᠦ ᠬᠠᠮᠠᠭᠠᠯᠠᠭᠠᠴᠢ ᠨᠠᠮᠠᠶᠢ ᠳᠠᠯᠠᠪᠴᠢ ᠨᠤᠭᠤᠳ ᠤᠨ ᠢᠶᠠᠨ ᠰᠡᠭᠦᠳᠡᠷ ᠲᠦ ᠬᠠᠯᠬᠠᠯᠠᠭᠠᠴᠢ
9 ᠨᠠᠮᠠᠶᠢ ᠬᠠᠷᠭᠢᠰᠯᠠᠭᠴᠢ ᠮᠠᠭᠤ ᠬᠥᠮᠦᠰ ᠡᠴᠡ ᠠᠮᠢᠨ ᠳᠤ ᠮᠢᠨᠢ ᠬᠦᠷᠴᠦ ᠨᠠᠮᠠᠶᠢ ᠪᠦᠰᠡᠯᠡᠭᠰᠡᠨ ᠳᠠᠢᠰᠤᠨ ᠨᠤᠭᠤᠳ ᠠᠴᠠ;
10 ᠲᠡᠳᠡ ᠰᠡᠳᠬᠢᠯ ᠢᠶᠠᠨ ᠬᠠᠲᠠᠭᠤᠷᠠᠭᠤᠯᠵᠤ ᠪᠠᠷᠳᠠᠮ ᠠᠮᠠ ᠪᠠᠷ ᠶᠠᠷᠢᠳᠠᠭ᠂
11 ᠲᠡᠳᠡ ᠨᠢᠳᠦ ᠪᠡᠨ ᠭᠢᠯᠠᠯᠵᠠᠭᠤᠯᠵᠤ ᠨᠠᠮᠠᠶᠢ ᠭᠠᠵᠠᠷ ᠲᠤ ᠤᠨᠠᠭᠠᠬᠤ ᠪᠠᠷ ᠣᠳᠣ ᠬᠥᠯ ᠢ ᠮᠢᠨᠢ ᠪᠦᠰᠡᠯᠡᠭᠡᠳ ᠪᠠᠢᠨ᠎ᠠ᠂
12 ᠲᠡᠳᠡ ᠲᠠᠰᠤᠳᠠᠴᠢᠬᠤ ᠭᠡᠵᠦ ᠰᠢᠨᠤᠵᠤ ᠪᠤᠢ ᠠᠷᠰᠯᠠᠨ ᠮᠡᠲᠦ ᠳᠠᠯᠳᠠ ᠭᠠᠵᠠᠷ ᠲᠤ ᠪᠦᠭᠬᠦᠵᠦ ᠪᠤᠢ ᠵᠠᠯᠠᠭᠤ ᠠᠷᠰᠯᠠᠨ ᠮᠡᠲᠦ᠃
13 ᠪᠣᠰᠣᠭᠠᠴᠢ ᠶᠣᠬᠣᠸᠠ᠂ ᠲᠡᠳᠡᠨ ᠦ ᠡᠮᠦᠨ᠎ᠡ ᠵᠣᠭᠰᠣᠵᠤ᠂ ᠲᠡᠳᠡᠨ ᠢ ᠳᠣᠭᠣᠭᠰᠢ ᠤᠨᠠᠭᠠᠭᠠᠴᠢ ᠥᠪᠡᠷ ᠦᠨ ᠢᠶᠠᠨ ᠢᠯᠳᠦ ᠪᠡᠷ ᠮᠠᠭᠤ ᠬᠥᠮᠦᠨ ᠡᠴᠡ ᠠᠮᠢ ᠶᠢ ᠮᠢᠨᠢ ᠠᠪᠤᠷᠠᠭᠠᠴᠢ᠂
14 ᠶᠣᠬᠣᠸᠠ᠂ ᠡᠨᠡ ᠨᠠᠰᠤᠨ ᠤ ᠠᠮᠢᠳᠤᠷᠠᠯ ᠳᠤ ᠬᠤᠪᠢ ᠪᠠᠨ ᠬᠦᠷᠲᠡᠭᠰᠡᠨ ᠶᠢᠷᠲᠢᠨᠴᠦ ᠶᠢᠨ ᠬᠥᠮᠦᠰ ᠡᠴᠡ ᠥᠪᠡᠷ ᠦᠨ ᠢᠶᠠᠨ ᠮᠤᠲᠤᠷ ᠢᠶᠠᠷ ᠨᠠᠮᠠᠶᠢ ᠠᠪᠤᠷᠠᠭᠠᠴᠢ᠂ ᠲᠠ ᠲᠡᠳᠡᠨ ᠦ ᠬᠡᠪᠡᠯᠢ ᠶᠢ ᠡᠷᠳᠡᠨᠢᠰ ᠢᠶᠠᠷ ᠢᠶᠠᠨ ᠳᠦᠭᠦᠷᠭᠡᠳᠡᠭ ᠪᠢᠯᠡ ᠲᠡᠳᠡ ᠬᠥᠪᠡᠭᠦᠳ ᠢᠶᠡᠷ ᠢᠶᠠᠨ ᠬᠠᠩ᠋ᠭᠠᠯᠤᠭᠤᠨ ᠪᠠᠢᠵᠤ ᠥᠪᠡᠷᠰᠡᠳ ᠦᠨ ᠢᠶᠠᠨ ᠪᠠᠶᠠᠯᠢᠭ ᠢ ᠬᠡᠦᠬᠡᠳ ᠨᠢᠯᠬᠠᠰ ᠲᠠᠭᠠᠨ ᠦᠯᠡᠳᠡᠭᠡᠬᠦ ᠪᠣᠯᠣᠨ᠎ᠠ᠂
15 ᠬᠠᠷᠢᠨ ᠪᠢ ᠵᠥᠪ ᠦᠨ ᠳᠣᠲᠣᠷ᠎ᠠ ᠪᠣᠯᠬᠣᠷ ᠲᠠᠨ ᠤ ᠨᠢᠭᠤᠷ ᠢ ᠬᠠᠷᠠᠨ᠎ᠠ ᠪᠢ ᠰᠡᠷᠢᠬᠦ ᠳᠡᠭᠡᠨ ᠲᠠᠨ ᠤ ᠣᠷᠣᠰᠢᠬᠤᠢ ᠳᠤ ᠰᠡᠳᠬᠢᠯ ᠬᠠᠩ᠋ᠭᠠᠯᠤᠭᠤᠨ ᠪᠠᠢᠬᠤ ᠪᠣᠯᠣᠨ᠎ᠠ᠃