1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠬᠣᠷᠢ ᠶᠢᠰᠦ
 ᠪᠤᠷᠬᠠᠨ ᠤ ᠰᠦᠷ ᠵᠢᠪᠬᠤᠯᠠᠩᠲᠤ ᠮᠠᠭᠲᠠᠭᠠᠯ
 ᠳ᠋ᠠᠸᠢᠳ᠋ ᠤᠨ ᠳᠠᠭᠤᠯᠠᠯ᠃

1 ᠪᠤᠷᠬᠠᠨ ᠤ ᠬᠡᠦᠬᠡᠳ ᠤᠳ ᠡ᠂ ᠶᠣᠬᠣᠸᠠ ᠶᠢ ᠡᠷᠭᠦ ᠶᠣᠬᠣᠸᠠ ᠶᠢᠨ ᠠᠯᠳᠠᠷ ᠪᠠ ᠴᠢᠳᠠᠯ ᠢ ᠡᠷᠭᠦ᠃
2 ᠵᠣᠬᠢᠰᠲᠤ ᠠᠯᠳᠠᠷ ᠢ ᠨᠢ ᠡᠷᠭᠦ ᠠᠷᠢᠭᠤᠨ ᠦᠵᠡᠰᠬᠦᠯᠡᠩᠲᠦ ᠶᠣᠬᠣᠸᠠ ᠳᠤ ᠮᠥᠷᠭᠥᠭᠲᠦᠨ᠃
3 ᠶᠣᠬᠣᠸᠠ ᠶᠢᠨ ᠳᠠᠭᠤ ᠤᠰᠤᠨ ᠤ ᠳᠡᠭᠡᠭᠦᠷ ᠠᠯᠳᠠᠷ ᠤᠨ ᠪᠤᠷᠬᠠᠨ ᠶᠣᠬᠣᠸᠠ ᠶᠡᠬᠡ ᠤᠰᠤᠨ ᠤ ᠳᠡᠭᠡᠭᠦᠷ ᠨᠦᠷᠭᠡᠯᠡᠯ᠎ᠡ᠃
4 ᠶᠣᠬᠣᠸᠠ ᠶᠢᠨ ᠳᠠᠭᠤ ᠬᠦᠴᠦ ᠲᠠᠢ ᠶᠣᠬᠣᠸᠠ ᠶᠢᠨ ᠳᠠᠭᠤ ᠰᠦᠷ ᠲᠡᠢ᠂
5 ᠶᠣᠬᠣᠸᠠ ᠶᠢᠨ ᠳᠠᠭᠤ ᠬᠤᠱᠢ ᠮᠣᠳᠣ ᠶᠢ ᠬᠤᠭᠤᠯᠵᠤ ᠪᠠᠢᠨ᠎ᠠ ᠶᠣᠬᠣᠸᠠ ᠯᠧᠪᠠᠨᠣᠨ ᠤ ᠬᠤᠱᠢ ᠮᠣᠳᠣ ᠶᠢ ᠬᠤᠭᠤᠯᠵᠠᠢ᠃
6 ᠯᠧᠪᠠᠨᠣᠨ ᠢ ᠲᠤᠭᠤᠯ ᠰᠢᠭ᠋ ᠰᠢᠷᠢᠶᠣᠨ ᠢ ᠵᠡᠷᠯᠢᠭ ᠲᠤᠭᠤᠯ ᠰᠢᠭ᠋ ᠣᠭᠣᠳᠣᠩᠨᠠᠭᠤᠯᠵᠠᠢ᠃
7 ᠶᠣᠬᠣᠸᠠ ᠶᠢᠨ ᠳᠠᠭᠤ ᠬᠣᠭᠣᠯᠠᠢ ᠭᠠᠯ ᠤᠨ ᠳᠥᠯᠥ ᠶᠢ ᠨᠣᠴᠣᠭᠠᠵᠤ ᠪᠠᠢᠨ᠎ᠠ᠃
8 ᠶᠣᠬᠣᠸᠠ ᠶᠢᠨ ᠳᠠᠭᠤ ᠬᠣᠭᠣᠯᠠᠢ ᠴᠥᠯ ᠭᠠᠵᠠᠷ ᠢ ᠴᠡᠴᠡᠷᠡᠭᠦᠯᠦᠨ᠎ᠡ᠂ ᠶᠣᠬᠣᠸᠠ ᠺᠠᠳᠧᠱ ᠤᠨ ᠴᠥᠯ ᠢ ᠴᠡᠴᠡᠷᠡᠭᠦᠯᠦᠨ᠎ᠡ᠃
9 ᠶᠣᠬᠣᠸᠠ ᠶᠢᠨ ᠳᠠᠭᠤ ᠬᠣᠭᠣᠯᠠᠢ ᠰᠣᠭᠣ ᠶᠢ ᠨᠥᠷᠦᠭᠡᠯᠡᠭᠦᠯᠵᠦ 11 ᠣᠢ ᠶᠢ ᠨᠢᠴᠦᠭᠦᠯᠦᠨ᠎ᠡ᠂ ᠣᠷᠳᠣᠨ ᠳᠣᠲᠣᠷᠠᠬᠢ ᠪᠦᠭᠦᠳᠡ ᠨᠢ 《ᠠᠯᠳᠠᠷ》 ᠭᠡᠵᠡᠭᠡᠵᠦ ᠪᠠᠢᠨ᠎ᠠ᠃

10 ᠶᠣᠬᠣᠸᠠ ᠦᠶᠡᠷ ᠦᠨ ᠤᠰᠤᠨ ᠳᠡᠭᠡᠷ᠎ᠡ ᠵᠠᠯᠠᠷᠠᠭᠰᠠᠨ ᠶᠣᠬᠣᠸᠠ ᠬᠠᠭᠠᠨ ᠰᠡᠨᠲᠢ ᠳᠡᠭᠡᠨ ᠡᠭᠦᠷᠢᠳᠡ ᠵᠠᠯᠠᠷᠠᠭᠰᠠᠨ ᠪᠠᠢᠳᠠᠭ᠃
11 ᠶᠣᠬᠣᠸᠠ ᠠᠷᠠᠳ ᠲᠦᠮᠡᠨ ᠳᠡᠭᠡᠨ ᠬᠦᠴᠦ ᠰᠣᠶᠣᠷᠬᠠᠨ᠎ᠠ ᠶᠣᠬᠣᠸᠠ ᠠᠷᠠᠳ ᠲᠦᠮᠡᠨ ᠢᠶᠡᠨ ᠠᠮᠤᠷ ᠠᠮᠤᠭᠤᠯᠠᠩ ᠢᠶᠠᠷ ᠢᠷᠥᠭᠡᠨ᠎ᠡ᠃