ᠳᠠᠭᠤᠯᠠᠯ ᠳᠠᠯᠠᠨ ᠳᠣᠯᠣᠭ᠎ᠠ
ᠲᠡᠦᠬᠡ ᠡᠴᠡ ᠣᠯᠣᠭᠰᠠᠨ ᠲᠠᠢᠪᠤᠰᠢᠷᠠᠯ
ᠠᠰᠠᠹ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠶᠧᠳᠦ᠋ᠲ᠋ᠦ᠋ᠨ ᠳᠤ᠃
1 ᠪᠢ ᠪᠤᠷᠬᠠᠨ ᠳᠤ ᠴᠢᠩᠭ᠍᠎ᠠ ᠪᠠᠷ᠂ ᠪᠤᠷᠬᠠᠨ ᠳᠤ ᠴᠢᠩᠭ᠍᠎ᠠ ᠪᠠᠷ ᠬᠠᠰᠬᠢᠷᠤᠨ᠎ᠠ᠂ ᠲᠡᠷᠡ ᠨᠠᠳᠠ ᠤᠷᠤᠭᠤ ᠴᠢᠬᠢ ᠲᠠᠯᠪᠢᠭᠠᠰᠠᠢ᠃
2 ᠵᠣᠪᠠᠯᠠᠩ ᠤᠨ ᠢᠶᠠᠨ ᠡᠳᠦᠷ ᠪᠢ ᠡᠵᠡᠨ ᠢ ᠬᠠᠢᠭᠰᠠᠨ ᠰᠥᠨᠢ ᠪᠠᠷ ᠭᠠᠷ ᠮᠢᠨᠢ ᠴᠤᠴᠠᠯ ᠦᠭᠡᠢ ᠰᠤᠩ᠋ᠭᠠᠭᠳᠠᠭᠰᠠᠨ ᠰᠡᠳᠬᠢᠯ ᠮᠢᠨᠢ ᠲᠠᠢᠪᠤᠰᠢᠷᠠᠬᠤ ᠶᠢ ᠬᠦᠰᠡᠭᠡ ᠦᠭᠡᠢ᠃
3 ᠬᠠᠷᠢᠨ ᠪᠢ ᠪᠤᠷᠬᠠᠨ ᠢ ᠰᠠᠨᠠᠵᠤ ᠤᠢᠮᠤᠷᠠᠨ᠎ᠠ᠂ ᠲᠤᠩ᠋ᠭᠠᠨ ᠪᠣᠳᠣᠬᠤ ᠳᠠᠭᠠᠨ ᠵᠣᠷᠢᠭ ᠮᠣᠬᠣᠨᠠ᠃
ᠰᠧᠯᠠ
4 ᠲᠠ ᠨᠠᠮᠠᠶᠢ ᠨᠢᠳᠦ ᠬᠠᠮᠬᠢᠭᠤᠯᠤᠭᠠ ᠦᠭᠡᠢ ᠤᠴᠢᠷ ᠪᠢ ᠵᠣᠪᠠᠭᠠᠳ ᠶᠠᠷᠢᠵᠤ ᠴᠤ ᠴᠢᠳᠠᠬᠤ ᠦᠭᠡᠢ ᠪᠠᠢᠨ᠎ᠠ᠃
5 ᠪᠢ ᠤᠷᠢᠳᠤ ᠶᠢᠨ ᠡᠳᠦᠷ ᠤᠳ ᠢᠶᠠᠨ ᠡᠮᠦᠨᠡᠬᠢ ᠵᠢᠯ ᠤᠳ ᠢᠶᠠᠨ ᠪᠣᠳᠣᠭᠰᠠᠨ᠂
6 ᠰᠥᠨᠢ ᠪᠠᠷ ᠳᠠᠭᠤᠯᠠᠭᠰᠠᠨ ᠳᠠᠭᠤᠤ ᠪᠠᠨ ᠰᠠᠨᠠᠨ ᠵᠢᠷᠦᠬᠡᠨ ᠳᠡᠭᠡᠨ ᠲᠤᠩ᠋ᠭᠠᠵᠤ ᠰᠡᠳᠬᠢᠯ ᠳᠡᠭᠡᠨ ᠴᠡᠩᠨᠡᠨ᠄
7 《ᠡᠵᠡᠨ ᠪᠦᠷᠢᠮᠦᠰᠦᠨ ᠬᠠᠶᠠᠨ᠎ᠠ ᠭᠡᠵᠢ ᠤᠤ︖ ᠳᠠᠬᠢᠭᠠᠳ ᠲᠠᠭᠠᠯᠠᠬᠤ ᠦᠭᠡᠢ ᠭᠡᠵᠢ ᠤᠤ︖
8 ᠦᠨᠡᠨ ᠬᠠᠢᠷ᠎ᠠ ᠨᠢ ᠮᠥᠩᠬᠡᠳᠡ ᠪᠠᠷᠠᠭᠳᠠᠭᠰᠠᠨ ᠭᠡᠵᠢ ᠤᠤ︖ ᠠᠮᠠᠯᠠᠯᠲᠠ ᠨᠢ ᠡᠭᠦᠷᠢᠳᠡ ᠲᠡᠭᠦᠰᠦᠭᠰᠡᠨ ᠭᠡᠵᠢ ᠤᠤ︖
9 ᠪᠤᠷᠬᠠᠨ ᠥᠷᠥᠰᠢᠶᠡᠬᠦ ᠪᠡᠨ ᠮᠠᠷᠲᠠᠭᠰᠠᠨ ᠭᠡᠵᠢ ᠤᠤ︖ ᠠᠭᠤᠷ ᠲᠠᠭᠠᠨ ᠨᠢᠭᠦᠯᠡᠰᠦᠬᠦ ᠪᠡᠨ ᠪᠣᠯᠢᠭᠰᠠᠨ ᠭᠡᠵᠢ ᠤᠤ︖》 ᠭᠡᠪᠡ᠃
ᠰᠧᠯᠠ
10 ᠢᠩᠭᠢᠭᠡᠳ ᠪᠢ 《ᠬᠠᠮᠤᠭ ᠤᠨ ᠳᠡᠭᠡᠳᠦ ᠨᠢᠭᠡᠨ ᠦ ᠪᠠᠷᠠᠭᠤᠨ ᠮᠤᠲᠤᠷ ᠥᠭᠡᠷᠡᠴᠢᠯᠡᠭᠳᠡᠭᠰᠡᠨ ᠨᠢ ᠮᠢᠨᠦ ᠤᠢ ᠭᠠᠰᠢᠭᠤ ᠪᠢᠯᠡ》 ᠭᠡᠵᠡᠢ᠃
11 ᠪᠢ ᠶᠣᠬᠣᠸᠠ ᠶᠢᠨ ᠦᠢᠯᠡᠰ ᠢ ᠰᠠᠨᠠᠨ᠎ᠠ ᠪᠢ ᠦᠨᠡᠬᠡᠷ ᠡᠷᠲᠡ ᠦᠶ᠎ᠡ ᠶᠢᠨ ᠭᠠᠢᠬᠠᠮᠰᠢᠭ ᠤᠳ ᠢ ᠲᠠᠨᠢ ᠰᠠᠨᠠᠨ᠎ᠠ᠃
12 ᠪᠢ ᠲᠠᠨ ᠤ ᠪᠦᠬᠦ ᠠᠵᠢᠯ ᠢ ᠪᠣᠳᠣᠵᠤ ᠲᠠᠨ ᠤ ᠬᠦᠴᠦᠲᠦ ᠦᠢᠯᠡᠰ ᠢ ᠲᠤᠩ᠋ᠭᠠᠨ᠎ᠠ᠃
13 ᠪᠤᠷᠬᠠᠨ᠂ ᠲᠠᠨ ᠤ ᠵᠠᠮ ᠠᠷᠢᠭᠤᠨ ᠶᠠᠮᠠᠷ ᠪᠤᠷᠬᠠᠨ ᠪᠢᠳᠡᠨ ᠦ ᠪᠤᠷᠬᠠᠨ ᠰᠢᠭ᠋ ᠠᠭᠤᠤ ᠪᠤᠢ︖
14 ᠲᠠ ᠭᠠᠢᠬᠠᠮᠰᠢᠭ ᠤᠳ ᠢ ᠦᠢᠯᠡᠳᠳᠡᠭ ᠪᠤᠷᠬᠠᠨ᠂ ᠲᠠ ᠦᠨᠳᠦᠰᠦᠲᠡᠨ ᠨᠦᠭᠦᠳ ᠦᠨ ᠳᠤᠮᠳᠠ ᠬᠦᠴᠦ ᠪᠡᠨ ᠮᠡᠳᠡᠭᠦᠯᠵᠦ
15 ᠥᠪᠡᠷ ᠦᠨ ᠢᠶᠠᠨ ᠠᠷᠠᠳ ᠲᠦᠮᠡᠨ ᠢ ᠶᠠᠺᠣᠪ ᠪᠠ ᠶᠣᠰᠧᠹ ᠤᠨ ᠦᠷ᠎ᠡ ᠤᠳᠤᠮ ᠢ ᠥᠪᠡᠷ ᠦᠨ ᠢᠶᠠᠨ ᠮᠤᠲᠤᠷ ᠢᠶᠠᠷ ᠵᠣᠯᠢᠵᠤ ᠠᠪᠤᠭᠰᠠᠨ᠃
ᠰᠧᠯᠠ
16 ᠪᠤᠷᠬᠠᠨ᠂ ᠤᠰᠤ ᠲᠠᠨ ᠢ ᠬᠠᠷᠠᠭᠰᠠᠨ ᠤᠰᠤ ᠲᠠᠨ ᠢ ᠬᠠᠷᠠᠭᠠᠳ ᠰᠢᠯᠭᠡᠭᠡᠪᠡ ᠭᠦᠨ ᠨᠦᠭᠦᠳ ᠨᠢ ᠴᠤ ᠴᠡᠴᠡᠷᠡᠪᠡ᠃
17 ᠡᠭᠦᠯᠡᠰ ᠤᠰᠤ ᠶᠢ ᠴᠢᠳᠬᠤᠪᠠ ᠣᠭᠲᠠᠷᠭᠤᠢ ᠠᠴᠠ ᠳᠠᠭᠤ ᠭᠠᠷᠪᠠ ᠲᠠᠨ ᠤ ᠰᠤᠮᠤ ᠨᠤᠭᠤᠳ ᠴᠤ ᠵᠦᠭ ᠪᠦᠷᠢ ᠳᠤ ᠴᠠᠬᠢᠯᠪᠠ᠃
18 ᠠᠶᠤᠩ᠋ᠭ᠎ᠠ ᠶᠢᠨ ᠲᠠᠨᠢ ᠨᠦᠷᠭᠢᠭᠡᠨ ᠬᠤᠢ ᠰᠠᠯᠬᠢ ᠳᠤᠮᠳᠠ ᠪᠠᠢᠪᠠ ᠴᠠᠬᠢᠯᠭᠠᠨ ᠭᠢᠯᠪᠢᠭᠡᠨ ᠨᠦᠭᠦᠳ ᠲᠠᠨᠢ ᠳᠡᠯᠡᠬᠡᠢ ᠶᠢ ᠭᠡᠷᠡᠯᠲᠦᠭᠦᠯᠵᠦ ᠭᠠᠵᠠᠷ ᠴᠡᠴᠡᠷᠡᠨ ᠳᠣᠷᠭᠢᠪᠠ᠃
19 ᠲᠠᠨ ᠤ ᠮᠥᠷ ᠬᠠᠷᠠᠭᠳᠠᠬᠤ ᠦᠭᠡᠢ ᠪᠣᠯᠪᠠᠴᠤ ᠲᠠᠨ ᠤ ᠵᠠᠮ ᠳᠠᠯᠠᠢ ᠶᠢᠨ ᠳᠤᠮᠳᠠᠭᠤᠷ ᠲᠠᠨ ᠤ ᠬᠠᠷᠭᠤᠢ ᠶᠡᠬᠡ ᠤᠰᠤᠨ ᠳᠤᠮᠳᠠᠭᠤᠷ ᠪᠠᠢᠪᠠ᠃
20 ᠲᠠ ᠠᠷᠠᠳ ᠲᠦᠮᠡᠨ ᠢᠶᠡᠨ ᠬᠣᠨᠢᠨ ᠰᠦᠷᠦᠭ ᠮᠡᠲᠦ ᠮᠣᠰᠧ ᠪᠠ ᠠᠷᠣᠨ ᠤ ᠭᠠᠷ ᠢᠶᠠᠷ ᠬᠥᠲᠥᠯᠥᠭᠰᠡᠨ ᠪᠢᠯᠡ᠃