1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠵᠠᠭᠤ ᠳᠥᠷᠪᠡ
 ᠪᠦᠲᠦᠭᠡᠭᠴᠢ ᠬᠠᠮᠠᠭᠠᠯᠠᠭᠴᠢ ᠪᠤᠷᠬᠠᠨ
1 ᠶᠣᠬᠣᠸᠠ ᠶᠢ ᠠᠯᠳᠠᠷᠰᠢᠭᠤᠯ᠂ ᠮᠢᠨᠦ ᠰᠦᠨᠡᠰᠦ ᠡ︕ ᠮᠢᠨᠦ ᠪᠤᠷᠬᠠᠨ ᠶᠣᠬᠣᠸᠠ ᠪᠣᠯ ᠮᠠᠰᠢ ᠠᠭᠤᠤ᠂ ᠲᠠ ᠠᠯᠳᠠᠷ ᠪᠠ ᠵᠢᠪᠬᠤᠯᠠᠩ ᠢᠶᠠᠷ ᠬᠤᠪᠴᠠᠰᠤᠯᠠᠵᠠᠢ᠃
2 ᠲᠠ ᠪᠣᠯ ᠭᠡᠷᠡᠯ ᠢ ᠨᠥᠮᠥᠷᠭᠡ ᠪᠣᠯᠭᠠᠨ ᠡᠮᠦᠰᠦᠭᠴᠢ ᠲᠩᠷᠢ ᠶᠢ ᠬᠥᠰᠢᠭᠡ ᠮᠡᠲᠦ ᠲᠠᠲᠠᠵᠤ
3 ᠥᠷᠭᠥᠭᠡᠨ ᠦ ᠪᠠᠨ ᠲᠤᠯᠭᠠᠭᠤᠷᠢ ᠶᠢ ᠤᠰᠤᠨ ᠤ ᠳᠡᠭᠡᠭᠦᠷ ᠲᠠᠯᠪᠢᠭᠴᠢ ᠡᠭᠦᠯᠡᠰ ᠢ ᠲᠡᠷᠭᠡ ᠪᠣᠯᠭᠠᠵᠤ ᠰᠠᠯᠬᠢᠨ ᠤ ᠵᠢᠭᠦᠷ ᠢᠶᠡᠷ ᠶᠠᠪᠤᠭᠴᠢ
4 ᠰᠠᠯᠬᠢ ᠶᠢ ᠡᠯᠴᠢ ᠪᠠᠨ ᠭᠠᠯ ᠴᠠᠬᠢᠯᠭᠠᠨ ᠢ ᠵᠠᠷᠤᠴᠠ ᠪᠠᠨ ᠪᠣᠯᠭᠠᠭᠴᠢ᠂

5 ᠲᠠ ᠳᠡᠯᠡᠬᠡᠢ ᠶᠢ ᠰᠠᠭᠤᠷᠢᠨ ᠳᠡᠭᠡᠷ᠎ᠡ ᠨᠢ ᠲᠣᠭᠲᠠᠭᠠᠭᠰᠠᠨ ᠲᠡᠷᠡ ᠮᠥᠩᠬᠡᠳᠡ ᠭᠠᠩ᠋ᠬᠤᠬᠤ ᠦᠭᠡᠢ᠂
6 ᠲᠠ ᠲᠡᠭᠦᠨ ᠢ ᠭᠦᠨ ᠦ ᠤᠰᠤ ᠪᠠᠷ ᠬᠤᠪᠴᠠᠰᠤ ᠮᠡᠲᠦ ᠪᠦᠷᠬᠦᠭᠰᠡᠨ ᠳᠦ ᠶᠡᠬᠡ ᠤᠰᠤ ᠠᠭᠤᠯᠠ ᠶᠢᠨ ᠳᠡᠭᠡᠭᠦᠷ ᠲᠣᠭᠲᠠᠵᠠᠢ᠃
7 ᠲᠠ ᠵᠢᠮᠡᠯᠡᠬᠦ ᠳᠦ᠂ ᠤᠰᠤ ᠵᠢᠭᠤᠲᠠᠪᠠ ᠠᠶᠤᠩ᠋ᠭ᠎ᠠ ᠶᠢᠨ ᠲᠠᠨᠢ ᠳᠠᠭᠤ ᠪᠠᠷ ᠤᠰᠤ ᠶᠠᠭᠠᠷᠠᠨ ᠵᠠᠢᠯᠠᠪᠠ᠃
8 ᠲᠠᠨ ᠤ ᠲᠣᠭᠲᠠᠭᠠᠭᠰᠠᠨ ᠭᠠᠵᠠᠷ ᠲᠤ ᠬᠦᠷᠲᠡᠯ᠎ᠡ ᠠᠭᠤᠯᠠᠰ ᠳᠡᠭᠡᠭᠰᠢᠯᠡᠵᠦ᠂ ᠬᠥᠨᠳᠡᠢ ᠳᠣᠷᠣᠭᠰᠢᠯᠠᠪᠠ 22
9 ᠲᠠ ᠤᠰᠤᠨ ᠤ ᠳᠠᠪᠠᠰᠢ ᠦᠭᠡᠢ ᠬᠢᠵᠠᠭᠠᠷ ᠢ ᠲᠣᠭᠲᠠᠭᠠᠭᠰᠠᠨ᠂ ᠤᠰᠤ ᠭᠠᠵᠠᠷ ᠢ ᠳᠠᠬᠢᠵᠤ ᠪᠦᠷᠬᠦᠬᠦ ᠦᠭᠡᠢ᠃

10 ᠲᠠ ᠬᠥᠨᠳᠡᠢ ᠳᠦ ᠪᠤᠯᠠᠭ ᠣᠷᠭᠢᠯᠤᠭᠤᠯᠬᠤ ᠳᠤ ᠤᠰᠤ ᠨᠢ ᠠᠭᠤᠯᠠᠰ ᠤᠨ ᠳᠤᠮᠳᠠᠭᠤᠷ ᠤᠷᠤᠰᠤᠨ
11 ᠬᠡᠭᠡᠷ᠎ᠡ ᠶᠢᠨ ᠪᠦᠬᠦ ᠠᠮᠢᠲᠠᠨ ᠢ ᠤᠮᠳᠠᠯᠠᠨ᠎ᠠ᠂ ᠬᠤᠯᠠᠨ ᠴᠠᠩ᠋ᠭᠠᠭ᠎ᠠ ᠪᠠᠨ ᠲᠠᠢᠯᠵᠤ
12 ᠣᠭᠲᠠᠷᠭᠤᠢ ᠶᠢᠨ ᠰᠢᠪᠠᠭᠤᠳ ᠤᠰᠤᠨ ᠤ ᠳᠡᠷᠭᠡᠳᠡ ᠨᠤᠲᠤᠭᠰᠢᠨ ᠮᠥᠴᠢᠷ ᠤᠳ ᠤᠨ ᠳᠤᠮᠳᠠ ᠵᠢᠷᠭᠢᠨ ᠳᠣᠩ᠋ᠭᠣᠳᠣᠨ᠎ᠠ᠃
13 ᠲᠠ ᠳᠡᠭᠡᠳᠦ ᠥᠷᠭᠥᠭᠡᠨ ᠡᠴᠡ ᠪᠡᠨ ᠠᠭᠤᠯᠠᠰ ᠢ ᠤᠰᠤᠯᠡᠵᠦ ᠪᠠᠢᠳᠠᠭ᠂ ᠳᠡᠯᠡᠬᠡᠢ ᠲᠠᠨ ᠤ ᠦᠢᠯᠡᠰ ᠦᠨ ᠦᠷ᠎ᠡ ᠵᠢᠮᠢᠰ ᠢᠶᠠᠷ ᠬᠠᠩ᠋ᠭᠠᠯᠤᠭᠤᠨ᠃

14 ᠲᠠ ᠮᠠᠯ ᠤᠨ ᠢᠳᠡᠬᠦ ᠡᠪᠡᠰᠦ ᠪᠠ ᠬᠥᠮᠦᠨ ᠳᠦ ᠬᠡᠷᠡᠭ ᠲᠡᠢ ᠨᠣᠭᠣᠭ᠎ᠠ ᠶᠢ ᠤᠷᠭᠤᠭᠤᠯᠵᠤ ᠪᠠᠢᠳᠠᠭ᠂ ᠭᠠᠵᠠᠷ ᠠᠴᠠ ᠬᠦᠨᠡᠰᠦ ᠭᠠᠷᠭᠠᠵᠤ᠂
15 ᠬᠥᠮᠦᠨ ᠦ ᠵᠢᠷᠦᠬᠡ ᠶᠢ ᠪᠠᠶᠠᠰᠬᠠᠬᠤ ᠳᠠᠷᠠᠰᠤ ᠬᠠᠴᠠᠷ ᠢ ᠥᠩᠭᠡᠯᠡᠳᠡᠭ ᠲᠣᠰᠣ ᠬᠢᠭᠡᠳ ᠬᠥᠮᠦᠨ ᠦ ᠵᠢᠷᠦᠬᠡ ᠶᠢ ᠲᠡᠩᠬᠡᠷᠡᠭᠦᠯᠳᠡᠭ᠌ ᠬᠣᠭᠣᠯᠠ ᠶᠢ ᠰᠣᠶᠣᠷᠬᠠᠳᠠᠭ᠃
16 ᠶᠣᠬᠣᠸᠠ ᠶᠢᠨ ᠮᠣᠳᠣᠳ ᠲᠡᠭᠦᠨ ᠦ ᠲᠠᠷᠢᠭᠰᠠᠨ ᠯᠧᠪᠠᠨᠣᠨ ᠤ ᠬᠤᠱᠢ ᠮᠣᠳᠣᠳ ᠬᠠᠩ᠋ᠭᠠᠯᠤᠭᠤᠨ᠃
17 ᠲᠡᠨᠳᠡ ᠰᠢᠪᠠᠭᠤᠳ ᠡᠭᠦᠷ ᠢᠶᠡᠨ ᠵᠠᠰᠠᠵᠤ ᠨᠠᠷᠠᠰᠤᠨ ᠮᠣᠳᠣᠨ ᠳᠤᠨᠢ ᠥᠷᠪᠢ ᠲᠠᠰ ᠤᠨ ᠣᠷᠣᠮᠵᠢ ᠪᠤᠢ᠃

18 ᠥᠨᠳᠥᠷ ᠠᠭᠤᠯᠠᠰ ᠶᠠᠩᠭᠢᠷ ᠤᠨ ᠬᠢ᠂ ᠬᠠᠳᠠ ᠳᠣᠷᠣᠭᠣ ᠶᠢᠨ ᠬᠣᠷᠭᠣᠳᠠᠬᠤ ᠭᠠᠵᠠᠷ᠂
19 ᠰᠠᠷᠠ ᠴᠠᠭ ᠤᠯᠠᠷᠢᠯ ᠢ ᠵᠢᠭᠠᠨ ᠦᠢᠯᠡᠴᠢᠯᠡᠳᠡᠭ᠌ ᠨᠠᠷᠠ ᠵᠢᠷᠭᠠᠬᠤ ᠴᠠᠭ ᠢᠶᠠᠨ ᠮᠡᠳᠡᠳᠡᠭ᠂
20 ᠲᠠ ᠬᠠᠷᠠᠩ᠋ᠭᠤᠢ ᠶᠢ ᠠᠪᠴᠢᠷᠠᠪᠠᠯ ᠰᠥᠨᠢ ᠪᠣᠯᠳᠠᠭ ᠣᠢ ᠶᠢᠨ ᠪᠦᠬᠦ ᠠᠷᠢᠶᠠᠲᠠᠨ ᠬᠥᠳᠡᠯᠬᠦ ᠪᠣᠯᠣᠨ᠎ᠠ᠃
21 ᠠᠷᠰᠯᠠᠨ ᠨᠤᠭᠤᠳ ᠢᠳᠡᠰᠢ ᠪᠠᠨ ᠬᠠᠢᠵᠤ ᠪᠤᠷᠬᠠᠨ ᠠᠴᠠ ᠬᠦᠨᠡᠰᠦ ᠪᠡᠨ ᠭᠤᠶᠤᠨ ᠠᠷᠬᠢᠷᠠᠵᠤ ᠪᠠᠢᠨ᠎ᠠ᠂
22 ᠨᠠᠷᠠ ᠮᠠᠨᠳᠤᠪᠠᠯ ᠲᠡᠳᠡ ᠪᠤᠴᠠᠵᠤ ᠠᠭᠤᠢ ᠳᠠᠭᠠᠨ ᠬᠡᠪᠲᠡᠨ᠎ᠡ᠂
23 ᠲᠡᠭᠡᠬᠦ ᠳᠦ ᠬᠥᠮᠦᠨ ᠠᠵᠢᠯᠯᠠᠬᠤ ᠪᠠᠷ ᠦᠳᠡᠰᠢ ᠪᠣᠯᠲᠠᠯ᠎ᠠ ᠬᠥᠳᠡᠯᠮᠦᠷᠢᠯᠡᠬᠦ ᠪᠡᠷ ᠭᠠᠷᠤᠨ᠎ᠠ᠂

24 ᠶᠣᠬᠣᠸᠠ᠂ ᠲᠠᠨ ᠤ ᠦᠢᠯᠡᠰ ᠶᠠᠭᠤᠲᠠᠢ ᠦᠯᠡᠮᠵᠢ ᠪᠤᠢ︕ ᠲᠡᠷᠡ ᠪᠦᠬᠦᠨ ᠢ ᠲᠠ ᠮᠡᠷᠭᠡᠨ ᠤᠬᠠᠭᠠᠨ ᠢᠶᠠᠷ ᠪᠦᠲᠦᠭᠡᠭᠰᠡᠨ ᠳᠡᠯᠡᠬᠡᠢ ᠲᠠᠨ ᠤ ᠪᠦᠲᠦᠭᠡᠯ ᠤᠳ ᠢᠶᠠᠷ ᠳᠦᠭᠦᠷᠡᠩ ᠪᠠᠢᠨ᠎ᠠ᠃
25 ᠨᠡᠯᠦᠭᠡᠷ ᠠᠭᠤᠳᠠᠮ ᠳᠠᠯᠠᠢ ᠶᠢ ᠬᠠᠷᠠ᠂ ᠲᠣᠭ᠎ᠠ ᠲᠣᠮᠰᠢ ᠦᠭᠡᠢ ᠣᠯᠠᠨ ᠲᠣᠮᠣ ᠵᠢᠵᠢᠭ ᠠᠮᠢᠲᠠᠨ ᠲᠡᠨᠳᠡ ᠬᠥᠳᠡᠯᠵᠦ ᠪᠠᠢᠨ᠎ᠠ᠂
26 ᠲᠡᠷᠡᠭᠦᠷ ᠣᠩ᠋ᠭᠣᠴᠠ ᠨᠤᠭᠤᠳ ᠶᠠᠪᠤᠵᠤ ᠲᠡᠨᠳᠡ ᠲᠠᠨ ᠤ ᠪᠦᠲᠦᠭᠡᠭᠰᠡᠨ ᠳᠠᠯᠠᠢ ᠶᠢᠨ ᠮᠠᠩ᠋ᠭᠤᠰ ᠨᠠᠭᠠᠳᠤᠨ᠎ᠠ᠂

27 ᠲᠣᠪᠯᠠᠭᠰᠠᠨ ᠴᠠᠭ ᠲᠤᠨᠢ ᠬᠣᠭᠣᠯᠠ ᠬᠦᠨᠡᠰᠦ ᠶᠢ ᠨᠢ ᠥᠭᠬᠦ ᠶᠢ ᠲᠠᠨᠢ ᠲᠡᠳᠡ ᠪᠦᠭᠦᠳᠡ ᠬᠦᠯᠢᠶᠡᠵᠦ ᠪᠠᠢᠨ᠎ᠠ᠂
28 ᠲᠠ ᠥᠭᠪᠡᠯ ᠲᠡᠳᠡ ᠲᠡᠭᠦᠵᠦ ᠠᠪᠤᠨ᠎ᠠ ᠲᠠ ᠠᠯᠠᠭ᠎ᠠ ᠪᠠᠨ ᠳᠡᠯᠭᠡᠪᠡᠯ ᠲᠡᠳᠡ ᠰᠠᠢᠨ ᠰᠠᠢᠬᠠᠨ ᠳᠤ ᠬᠠᠨᠤᠨ᠎ᠠ᠂
29 ᠲᠠ ᠨᠢᠭᠤᠷ ᠢᠶᠠᠨ ᠨᠢᠭᠤᠪᠠᠯ ᠲᠡᠳᠡ ᠤᠢᠮᠤᠷᠠᠨ᠎ᠠ ᠠᠮᠢᠰᠬᠤᠯ ᠢ ᠨᠢ ᠠᠪᠤᠪᠠᠯ ᠲᠡᠳᠡ ᠦᠬᠦᠵᠦ ᠬᠥᠷᠥᠰᠥ ᠰᠢᠷᠣᠢ ᠳᠠᠭᠠᠨ ᠪᠤᠴᠠᠨ᠎ᠠ᠂
30 ᠲᠠ ᠠᠮᠢᠰᠬᠤᠯ ᠢᠶᠠᠨ ᠢᠯᠡᠭᠡᠪᠡᠯ ᠲᠡᠳᠡ ᠪᠤᠢ ᠪᠣᠯᠣᠨ᠎ᠠ ᠲᠡᠢᠨ ᠬᠦ ᠲᠠ ᠭᠠᠵᠠᠷ ᠤᠨ ᠳᠦᠷᠰᠦ ᠶᠢ ᠰᠢᠨᠡᠴᠢᠯᠡᠨ᠎ᠡ᠃

31 ᠶᠣᠬᠣᠸᠠ ᠶᠢᠨ ᠠᠯᠳᠠᠷ ᠮᠥᠩᠬᠡᠳᠡ ᠪᠠᠢᠬᠤ ᠪᠣᠯᠲᠤᠭᠠᠢ ᠶᠣᠬᠣᠸᠠ ᠦᠢᠯᠡᠰ ᠢᠶᠡᠷ ᠢᠶᠠᠨ ᠪᠠᠶᠠᠷᠯᠠᠬᠤ ᠪᠣᠯᠲᠤᠭᠠᠢ᠂
32 ᠲᠡᠷᠡ ᠪᠡᠷ ᠭᠠᠵᠠᠷ ᠤᠷᠤᠭᠤ ᠬᠠᠷᠠᠪᠠᠯ ᠭᠠᠵᠠᠷ ᠴᠡᠴᠡᠷᠡᠳᠡᠭ ᠠᠭᠤᠯᠠᠰ ᠲᠤ ᠬᠦᠷᠪᠡᠯ ᠤᠲᠤᠭ᠎ᠠ ᠭᠠᠷᠳᠠᠭ᠃
33 ᠪᠢ ᠠᠮᠢᠳᠤ ᠳᠠᠭᠠᠨ ᠶᠣᠬᠣᠸᠠ ᠳᠤ ᠳᠠᠭᠤᠤ ᠡᠷᠭᠦᠨ᠎ᠡ ᠪᠢ ᠣᠷᠣᠰᠢᠨ ᠪᠠᠢᠬᠤ ᠵᠠᠭᠤᠷ᠎ᠠ ᠪᠠᠨ ᠪᠤᠷᠬᠠᠨ ᠢᠶᠠᠨ ᠮᠠᠭᠲᠠᠨ᠎ᠠ᠃
34 ᠪᠢᠰᠢᠯᠭᠠᠯ ᠤᠳ ᠮᠢᠨᠢ ᠲᠡᠭᠦᠨ ᠳᠦ ᠲᠠᠭᠠᠯᠠᠮᠵᠢᠲᠠᠢ ᠪᠠᠢᠬᠤ ᠪᠣᠯᠲᠤᠭᠠᠢ ᠪᠢ ᠶᠣᠬᠣᠸᠠ ᠶᠢᠨ ᠳᠣᠲᠣᠷ᠎ᠠ ᠪᠠᠶᠠᠷᠯᠠᠬᠤ ᠪᠣᠯᠣᠨ᠎ᠠ᠃
35 ᠨᠢᠭᠦᠯᠲᠡᠨ ᠭᠠᠵᠠᠷ ᠠᠴᠠ ᠤᠰᠠᠳᠤᠭ ᠪᠤᠷᠤᠭᠤᠲᠠᠨ ᠠᠯᠠᠭ᠎ᠠ ᠪᠣᠯᠣᠭ ᠶᠣᠬᠣᠸᠠ ᠶᠢ ᠠᠯᠳᠠᠷᠰᠢᠭᠤᠯ᠂ ᠮᠢᠨᠦ ᠰᠦᠨᠡᠰᠦ ᠡ︕ ᠶᠣᠬᠣᠸᠠ ᠶᠢ ᠮᠠᠭᠲᠠᠭᠲᠤᠨ᠃