1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠶᠡᠷᠡ
s ᠳᠥᠷᠪᠡᠳᠦᠭᠡᠷ ᠨᠣᠮ
r (ᠳᠠᠭᠤᠯᠠᠯ 90—106)
 ᠮᠥᠩᠬᠡ ᠶᠢᠨ ᠪᠤᠷᠬᠠᠨ ᠬᠢᠭᠡᠳ ᠮᠥᠬᠥᠭᠴᠢ ᠬᠥᠮᠦᠨ
 ᠪᠤᠷᠬᠠᠨ ᠤ ᠬᠥᠮᠦᠨ ᠮᠣᠰᠧ ᠶᠢᠨ ᠳᠠᠭᠠᠳᠬᠠᠯ᠃

1 ᠡᠵᠡᠨ᠂ ᠲᠠ ᠦᠶ᠎ᠡ ᠶᠢᠨ ᠦᠶ᠎ᠡ ᠳᠦ ᠪᠢᠳᠡᠨ ᠦ ᠣᠷᠣᠰᠢᠬᠤ ᠭᠠᠵᠠᠷ ᠪᠠᠢᠭᠰᠠᠨ ᠪᠢᠯᠡ᠃
2 ᠠᠭᠤᠯᠠᠰ ᠡᠭᠦᠰᠬᠦ ᠡᠴᠡ ᠡᠮᠦᠨ᠎ᠡ ᠣᠷᠴᠢᠯᠠᠩ ᠳᠡᠯᠡᠬᠡᠢ ᠶᠢ ᠲᠠ ᠤᠷᠠᠯᠠᠬᠤ ᠠᠴᠠ ᠴᠤ ᠡᠮᠦᠨ᠎ᠡ ᠡᠭᠦᠷᠢᠳᠡ ᠡᠴᠡ ᠡᠭᠦᠷᠢᠳᠡ ᠬᠦᠷᠲᠡᠯ᠎ᠡ ᠲᠠ ᠪᠣᠯ ᠪᠤᠷᠬᠠᠨ᠃

3 ᠲᠠ ᠬᠥᠮᠦᠨ ᠢ ᠰᠢᠷᠣᠢ ᠤᠷᠤᠭᠤ ᠨᠢ ᠪᠤᠴᠠᠭᠠᠨ ᠠᠢᠯᠠᠳᠬᠤ ᠳᠠᠭᠠᠨ 《ᠬᠥᠮᠦᠨ ᠦ ᠬᠡᠦᠬᠡᠳ ᠤᠳ ᠡ᠂ ᠪᠤᠴᠠᠭᠲᠤᠨ》 ᠭᠡᠳᠡᠭ᠃
4 ᠦᠨᠡᠨ ᠳᠡᠭᠡᠨ ᠲᠠᠨ ᠤ ᠮᠡᠯᠮᠡᠢ ᠳᠦ ᠮᠢᠩ᠋ᠭᠠᠨ ᠵᠢᠯ ᠪᠣᠯ ᠥᠩᠭᠡᠷᠡᠨ ᠣᠳᠴᠤ ᠪᠤᠢ ᠥᠴᠥᠭᠡᠳᠦᠷ ᠮᠡᠲᠦ ᠰᠥᠨᠢ ᠶᠢᠨ ᠬᠡᠳᠦᠬᠡᠨ ᠴᠠᠭ ᠲᠠᠢ ᠠᠳᠠᠯᠢ ᠪᠢᠯᠡ᠃
5 ᠲᠠ ᠠᠮᠢ ᠶᠢ ᠨᠢ ᠲᠠᠰᠤᠯᠪᠠᠯ 21 ᠲᠡᠳᠡ ᠨᠣᠢᠷᠰᠣᠨ᠎ᠠ ᠲᠡᠳᠡ ᠥᠷᠯᠥᠭᠡ ᠰᠣᠶᠣᠭᠠᠯᠠᠵᠤ ᠪᠤᠢ ᠡᠪᠡᠰᠦ ᠮᠡᠲᠦ᠂
6 ᠥᠷᠯᠥᠭᠡ ᠴᠡᠴᠡᠭᠯᠡᠵᠦ ᠤᠷᠭᠤᠨ᠎ᠠ ᠦᠳᠡᠰᠢ ᠬᠠᠲᠠᠵᠤ ᠬᠣᠷᠪᠣᠢᠨ᠎ᠠ᠃

7 ᠲᠠ ᠬᠢᠯᠢᠩᠨᠡᠬᠦ ᠳᠦ ᠪᠢᠳᠡ ᠰᠥᠨᠥᠵᠦ ᠲᠠ ᠠᠭᠤᠷᠯᠠᠬᠤ ᠳᠤ ᠪᠢᠳᠡ ᠰᠦᠷᠳᠡᠨ᠎ᠡ᠂
8 ᠲᠠ ᠪᠢᠳᠡᠨ ᠦ ᠬᠢᠯᠢᠨᠴᠡ ᠶᠢ ᠥᠪᠡᠷ ᠦᠨ ᠢᠶᠠᠨ ᠡᠮᠦᠨ᠎ᠡ ᠨᠢᠭᠤᠴᠠ ᠨᠢᠭᠦᠯ ᠤᠳ ᠢ ᠮᠢᠨᠢ ᠨᠢᠭᠤᠷ ᠤᠨ ᠢᠶᠠᠨ ᠭᠡᠷᠡᠯ ᠳᠦ ᠲᠠᠯᠪᠢᠨ᠎ᠠ᠂
9 ᠪᠢᠳᠡᠨ ᠦ ᠪᠦᠬᠦᠢᠯᠡ ᠡᠳᠦᠷ ᠲᠠᠨ ᠤ ᠬᠢᠯᠢᠩ ᠢᠶᠠᠷ ᠲᠡᠭᠦᠰᠴᠦ ᠪᠢᠳᠡᠨ ᠦ ᠵᠢᠯ ᠤᠳ ᠰᠠᠨᠠᠭ᠎ᠠ ᠠᠯᠳᠠᠬᠤ ᠵᠠᠭᠤᠷ᠎ᠠ ᠳᠠᠭᠤᠰᠤᠨ᠎ᠠ᠃
10 ᠠᠮᠢᠳᠤᠷᠠᠯ ᠤᠨ ᠬᠤᠭᠤᠴᠠᠭ᠎ᠠ ᠳᠠᠯᠠᠨ ᠵᠢᠯ᠂ ᠡᠷᠡᠭᠦᠯ ᠪᠠᠢᠪᠠᠯ ᠨᠠᠶᠠᠨ ᠵᠢᠯ ᠢᠳᠡ ᠣᠷᠭᠢᠯ ᠨᠢ ᠴᠤ ᠵᠣᠪᠠᠯᠠᠩ ᠵᠦᠳᠡᠭᠦᠷᠢ ᠲᠠᠢ ᠬᠤᠷᠳᠤᠨ ᠥᠩᠭᠡᠷᠡᠵᠦ᠂ ᠪᠢᠳᠡ ᠨᠢᠰᠦᠨ ᠣᠳᠣᠨ᠎ᠠ᠃
11 ᠲᠠᠨ ᠤ ᠬᠢᠯᠢᠩ ᠤᠨ ᠬᠦᠴᠦ ᠶᠢ ᠬᠡᠨ ᠮᠡᠳᠡᠬᠦ ᠪᠢᠯᠡ︖ ᠲᠠᠨ ᠤ ᠬᠢᠯᠢᠩ ᠢ ᠮᠡᠳᠡᠬᠦ ᠲᠤᠰᠤᠮ ᠲᠠᠨ ᠠᠴᠠ ᠡᠮᠢᠶᠡᠬᠦ ᠪᠣᠯᠣᠨ᠎ᠠ᠃
12 ᠪᠢᠳᠡᠨ ᠳᠦ ᠡᠳᠦᠷ ᠬᠣᠨᠣᠭ ᠢᠶᠠᠨ ᠲᠣᠭᠠᠯᠠᠬᠤ ᠶᠢ ᠰᠤᠷᠭᠠᠭᠠᠴᠢ᠂ ᠲᠡᠭᠡᠪᠡᠯ ᠪᠢᠳᠡ ᠮᠡᠷᠭᠡᠨ ᠤᠬᠠᠭᠠᠨ ᠢ ᠣᠯᠬᠤ ᠪᠣᠯᠣᠨ᠎ᠠ᠃

13 ᠶᠣᠬᠣᠸᠠ᠂ ᠡᠷᠭᠢᠵᠦ ᠢᠷᠡᠭᠡᠴᠢ᠂ ᠬᠡᠳᠦᠢ ᠤᠳᠠᠬᠤ ᠪᠤᠢ︖ ᠵᠠᠷᠤᠴᠠ ᠨᠠᠷ ᠢᠶᠠᠨ ᠥᠷᠥ ᠡᠪᠡᠳᠦᠭᠡᠴᠢ᠃
14 ᠥᠷᠯᠥᠭᠡ ᠪᠢᠳᠡᠨ ᠢ ᠦᠨᠡᠨ ᠬᠠᠢᠷ᠎ᠠ ᠪᠠᠷ ᠢᠶᠠᠨ ᠬᠠᠩ᠋ᠭᠠᠭᠠᠴᠢ ᠪᠦᠬᠦᠢᠯᠡ ᠡᠳᠦᠷ ᠤᠳ ᠲᠡᠭᠡᠨ ᠪᠢᠳᠡ ᠪᠠᠶᠠᠷᠯᠠᠨ ᠪᠠᠶᠠᠰᠤᠨ᠎ᠠ᠃
15 ᠪᠢᠳᠡᠨ ᠢ ᠵᠦᠳᠡᠷᠡᠭᠡᠭᠰᠡᠨ ᠡᠳᠦᠷ ᠦᠨ ᠢᠶᠠᠨ ᠲᠣᠭ᠎ᠠ ᠪᠠᠷ ᠪᠢᠳᠡᠨ ᠳᠦ ᠵᠣᠪᠠᠯᠠᠩ ᠠᠮᠰᠠᠭᠤᠯᠤᠭᠰᠠᠨ ᠵᠢᠯ ᠤᠨ ᠢᠶᠠᠨ ᠲᠣᠭ᠎ᠠ ᠪᠠᠷ ᠪᠢᠳᠡᠨ ᠢ ᠪᠠᠶᠠᠷᠯᠠᠭᠤᠯᠤᠭᠠᠴᠢ᠃
16 ᠲᠠ ᠦᠢᠯᠡᠰ ᠢᠶᠡᠨ ᠵᠠᠷᠤᠴᠠ ᠨᠠᠷ ᠲᠠᠭᠠᠨ ᠦᠵᠡᠭᠦᠯᠦᠨ ᠢᠷᠠᠭᠤ ᠠᠯᠳᠠᠷ ᠢᠶᠠᠨ ᠬᠡᠦᠬᠡᠳ ᠤᠳ ᠲᠤᠨᠢ ᠢᠯᠡᠷᠬᠡᠶᠢᠯᠡᠭᠡᠴᠢ᠃
17 ᠪᠢᠳᠡᠨ ᠦ ᠪᠤᠷᠬᠠᠨ ᠡᠵᠡᠨ ᠦ ᠲᠠᠭᠠᠯᠠᠯ ᠪᠢᠳᠡᠨ ᠦ ᠳᠡᠭᠡᠷ᠎ᠡ ᠪᠠᠢᠬᠤ ᠪᠣᠯᠲᠤᠭᠠᠢ᠂ ᠪᠢᠳᠡᠨ ᠦ ᠭᠠᠷ ᠤᠨ ᠦᠢᠯᠡᠰ ᠢ ᠪᠢᠳᠡᠨ ᠦ ᠭᠠᠷ ᠤᠨ ᠦᠢᠯᠡᠰ ᠢ ᠪᠢᠳᠡᠨ ᠦ ᠲᠥᠯᠥᠭᠡ ᠪᠠᠲᠤᠵᠢᠭᠤᠯᠤᠭᠠᠴᠢ᠃