ᠳᠠᠭᠤᠯᠠᠯ ᠵᠠᠭᠤ ᠠᠷᠪᠠᠨ ᠲᠠᠪᠤ
ᠪᠤᠷᠬᠠᠨ ᠳᠤ ᠯᠠ ᠠᠯᠳᠠᠷ ᠢ ᠡᠷᠭᠦ
1 ᠶᠣᠬᠣᠸᠠ᠂ ᠲᠠ ᠯᠠ ᠡᠨᠡᠷᠢᠩᠭᠦᠢ ᠢᠲᠡᠭᠡᠮᠵᠢᠲᠠᠢ ᠪᠣᠯᠬᠣᠷ ᠠᠯᠳᠠᠷ ᠬᠦᠨᠳᠦ ᠶᠢ ᠪᠢᠳᠡᠨ ᠳᠦ ᠪᠢᠰᠢ᠂ ᠪᠢᠳᠡᠨ ᠳᠦ ᠪᠢᠰᠢ ᠬᠠᠷᠢᠨ ᠥᠪᠡᠷ ᠦᠨ ᠢᠶᠠᠨ ᠨᠡᠷ᠎ᠡ ᠳᠦ ᠯᠠ ᠥᠭᠭᠥᠭᠡᠴᠢ᠃
2 ᠬᠠᠷᠢᠴᠤᠳ ᠶᠠᠭᠤᠨ ᠳᠤ 《ᠲᠡᠳᠡᠨ ᠦ ᠪᠤᠷᠬᠠᠨ ᠬᠠᠮᠢᠭ᠎ᠠ ᠪᠠᠢᠨ᠎ᠠ ᠪᠤᠢ︖》 ᠭᠡᠬᠦ ᠶᠣᠰᠣᠲᠠᠢ ᠪᠤᠢ︖
3 ᠪᠢᠳᠡᠨ ᠦ ᠪᠤᠷᠬᠠᠨ ᠲᠩᠷᠢ ᠳᠡᠭᠡᠷ᠎ᠡ ᠪᠠᠢᠨ᠎ᠠ ᠲᠡᠷᠡ ᠬᠦᠰᠡᠭᠰᠡᠨ ᠪᠦᠬᠦᠨ ᠢᠶᠡᠨ ᠦᠢᠯᠡᠳᠳᠡᠭ ᠪᠣᠯ᠂
4 ᠲᠡᠳᠡᠨ ᠦ ᠰᠢᠲᠦᠭᠡᠨ ᠨᠦᠭᠦᠳ ᠭᠡᠪᠡᠰᠦ ᠠᠯᠲᠠ ᠮᠥᠩᠭᠥ ᠬᠥᠮᠦᠨ ᠦ ᠭᠠᠷ ᠤᠨ ᠪᠦᠲᠦᠭᠡᠯ
5 ᠠᠮᠠ ᠲᠠᠢ ᠪᠣᠯᠪᠠᠴᠤ ᠶᠠᠷᠢᠬᠤ ᠦᠭᠡᠢ ᠨᠢᠳᠦ ᠲᠠᠢ ᠪᠣᠯᠪᠠᠴᠤ ᠬᠠᠷᠠᠬᠤ ᠦᠭᠡᠢ
6 ᠴᠢᠬᠢ ᠲᠠᠢ ᠪᠣᠯᠪᠠᠴᠤ ᠰᠣᠨᠣᠰᠬᠤ ᠦᠭᠡᠢ ᠬᠠᠮᠠᠷ ᠲᠠᠢ ᠪᠣᠯᠪᠠᠴᠤ ᠦᠨᠦᠷᠯᠡᠬᠦ ᠦᠭᠡᠢ
7 ᠭᠠᠷ ᠲᠠᠢ ᠪᠣᠯᠪᠠᠴᠤ ᠲᠡᠮᠲᠡᠷᠢᠬᠦ ᠦᠭᠡᠢ ᠬᠥᠯ ᠲᠡᠢ ᠪᠣᠯᠪᠠᠴᠤ ᠠᠯᠬᠤᠬᠤ ᠦᠭᠡᠢ ᠬᠣᠭᠣᠯᠠᠢ ᠪᠠᠷ ᠢᠶᠠᠨ ᠴᠤ ᠳᠠᠭᠤ ᠭᠠᠷᠭᠠᠬᠤ ᠦᠭᠡᠢ᠂
8 ᠲᠡᠳᠡᠭᠡᠷ ᠢ ᠪᠦᠲᠦᠭᠡᠭᠴᠢᠳ ᠲᠡᠳᠡᠭᠡᠷ ᠲᠦ ᠢᠲᠡᠭᠡᠭᠴᠢ ᠪᠦᠭᠦᠳᠡ ᠲᠡᠳᠡᠭᠡᠷ ᠲᠡᠢ ᠠᠳᠠᠯᠢ ᠶᠤᠮ᠃
9 ᠢᠰᠷᠧᠯ ᠡ᠂ ᠶᠣᠬᠣᠸᠠ ᠳᠤ ᠢᠲᠡᠭᠡᠭᠲᠦᠨ ᠲᠡᠷᠡ ᠪᠣᠯ ᠲᠠᠨ ᠤ ᠲᠤᠰᠠᠯᠠᠮᠵᠢ᠂ ᠲᠠᠨ ᠤ ᠪᠠᠮᠪᠠᠢ ᠶᠤᠮ
10 ᠠᠷᠣᠨ ᠤ ᠭᠡᠷ ᠡ᠂ ᠶᠣᠬᠣᠸᠠ ᠳᠤ ᠢᠲᠡᠭᠡᠭᠲᠦᠨ ᠲᠡᠷᠡ ᠪᠣᠯ ᠲᠠᠨ ᠤ ᠲᠤᠰᠠᠯᠠᠮᠵᠢ᠂ ᠲᠠᠨ ᠤ ᠪᠠᠮᠪᠠᠢ ᠶᠤᠮ
11 ᠶᠣᠬᠣᠸᠠ ᠠᠴᠠ ᠡᠮᠢᠶᠡᠭᠴᠢᠳ ᠡ᠂ ᠶᠣᠬᠣᠸᠠ ᠳᠤ ᠢᠲᠡᠭᠡᠭᠲᠦᠨ ᠲᠡᠷᠡ ᠪᠣᠯ ᠲᠠᠨ ᠤ ᠲᠤᠰᠠᠯᠠᠮᠵᠢ᠂ ᠲᠠᠨ ᠤ ᠪᠠᠮᠪᠠᠢ ᠶᠤᠮ
12 ᠶᠣᠬᠣᠸᠠ ᠪᠢᠳᠡᠨ ᠢ ᠰᠠᠨᠠᠭᠰᠠᠭᠠᠷ ᠪᠠᠢᠳᠠᠭ᠂ ᠲᠡᠷᠡ ᠢᠷᠥᠭᠡᠨ᠎ᠡ ᠲᠡᠷᠡ ᠢᠰᠷᠧᠯ ᠤᠨ ᠭᠡᠷ ᠢ ᠢᠷᠥᠭᠡᠨ᠎ᠡ ᠠᠷᠣᠨ ᠤ ᠭᠡᠷ ᠢ ᠢᠷᠥᠭᠡᠨ᠎ᠡ
13 ᠶᠣᠬᠣᠸᠠ ᠠᠴᠠ ᠡᠮᠢᠶᠡᠭᠴᠢᠳ ᠢ᠂ ᠶᠡᠬᠡ ᠪᠠᠭ᠎ᠠ ᠦᠭᠡᠢ ᠪᠦᠭᠦᠳᠡ ᠶᠢ ᠨᠢ ᠢᠷᠥᠭᠡᠨ᠎ᠡ
14 ᠶᠣᠬᠣᠸᠠ ᠲᠠ ᠨᠠᠷ ᠢ᠂ ᠲᠠ ᠨᠠᠷ ᠢ ᠪᠣᠯᠣᠨ ᠬᠡᠦᠬᠡᠳ ᠤᠳ ᠢ ᠴᠢᠨᠢ ᠥᠨᠢᠷ ᠥᠳᠬᠡᠨ ᠪᠣᠯᠭᠠᠨ᠎ᠠ
15 ᠲᠠ ᠨᠠᠷ ᠪᠣᠯ ᠲᠩᠷᠢ ᠭᠠᠵᠠᠷ ᠢ ᠪᠦᠲᠦᠭᠡᠭᠴᠢ ᠶᠣᠬᠣᠸᠠ ᠳᠤ ᠢᠷᠥᠭᠡᠭᠳᠡᠭᠰᠡᠳ ᠶᠤᠮ᠂
16 ᠲᠩᠷᠢ ᠪᠣᠯ ᠶᠣᠬᠣᠸᠠ ᠶᠢᠨ ᠲᠩᠷᠢ᠂ ᠬᠠᠷᠢᠨ ᠭᠠᠵᠠᠷ ᠪᠣᠯ ᠬᠥᠮᠦᠨ ᠦ ᠬᠥᠪᠡᠭᠦᠳ ᠲᠦ ᠰᠣᠶᠣᠷᠬᠠᠭᠳᠠᠭᠰᠠᠨ᠃
17 ᠦᠬᠦᠭᠰᠡᠳ ᠪᠤᠶᠤ ᠠᠨᠢᠷ ᠴᠢᠮᠡᠭᠡ ᠦᠭᠡᠢ ᠤᠷᠤᠭᠤ ᠪᠠᠭᠤᠭᠴᠢᠳ ᠶᠣᠬᠣᠸᠠ ᠶᠢ ᠮᠠᠭᠲᠠᠬᠤ ᠦᠭᠡᠢ᠂
18 ᠬᠠᠷᠢᠨ ᠪᠢᠳᠡ ᠡᠳᠦᠭᠡ ᠡᠴᠡ ᠮᠥᠩᠬᠡᠳᠡ ᠬᠦᠷᠲᠡᠯ᠎ᠡ ᠶᠣᠬᠣᠸᠠ ᠶᠢ ᠮᠠᠭᠲᠠᠨ᠎ᠠ ᠶᠣᠬᠣᠸᠠ ᠶᠢ ᠮᠠᠭᠲᠠᠭᠲᠤᠨ︕