ᠳᠠᠭᠤᠯᠠᠯ ᠠᠷᠪᠠᠨ ᠨᠠᠢ᠌ᠮᠠ
ᠠᠪᠤᠷᠠᠭᠳᠠᠭᠰᠠᠨ ᠬᠠᠭᠠᠨ ᠤ ᠮᠠᠭᠲᠠᠭᠠᠯ
ᠶᠣᠬᠣᠸᠠ ᠶᠢᠨ ᠵᠠᠷᠤᠴᠠ ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃ ᠶᠣᠬᠣᠸᠠ ᠳ᠋ᠠᠸᠢᠳ᠋ ᠢ ᠬᠠᠮᠤᠭ ᠳᠠᠢᠰᠤᠨ ᠤ ᠬᠢᠨᠢ ᠭᠠᠷ ᠠᠴᠠ᠂ ᠰᠠᠦ᠋ᠯ ᠤᠨ ᠭᠠᠷ ᠠᠴᠠ ᠠᠪᠤᠷᠠᠭᠰᠠᠨ ᠡᠳᠦᠷ ᠳ᠋ᠠᠸᠢᠳ᠋ ᠡᠨᠡ ᠳᠠᠭᠤᠤ ᠶᠢ ᠶᠣᠬᠣᠸᠠ ᠳᠤ ᠡᠷᠭᠦᠪᠡ᠃
1 ᠮᠢᠨᠦ ᠬᠦᠴᠦ ᠪᠣᠯᠳᠠᠭ ᠶᠣᠬᠣᠸᠠ᠂ ᠪᠢ ᠲᠠᠨ ᠳᠤ ᠬᠠᠢᠷᠠᠲᠠᠢ᠃
2 《ᠶᠣᠬᠣᠸᠠ ᠪᠣᠯ ᠮᠢᠨᠦ ᠬᠠᠳᠠ᠂ ᠮᠢᠨᠦ ᠴᠠᠢᠵᠠ ᠮᠢᠨᠦ ᠠᠪᠤᠷᠠᠭᠴᠢ᠃ ᠮᠢᠨᠦ ᠪᠤᠷᠬᠠᠨ ᠮᠢᠨᠦ ᠬᠣᠷᠭᠣᠳᠠᠭᠤ ᠬᠠᠳᠠ ᠮᠢᠨᠦ ᠪᠠᠮᠪᠠᠢ ᠮᠢᠨᠦ ᠠᠪᠤᠷᠠᠯ ᠤᠨ ᠡᠪᠡᠷ ᠮᠢᠨᠦ ᠪᠡᠬᠢᠯᠡᠯᠲᠡ᠂
3 ᠲᠡᠷᠡ ᠮᠠᠭᠲᠠᠭᠳᠠᠭᠤᠰᠢᠲᠠᠢ᠂ ᠪᠢ ᠶᠣᠬᠣᠸᠠ ᠶᠢ ᠳᠠᠭᠤᠳᠠᠵᠤ ᠥᠰᠲᠡᠨ ᠨᠦᠭᠦᠳ ᠡᠴᠡ ᠪᠡᠨ ᠠᠪᠤᠷᠠᠭᠳᠠᠨ᠎ᠠ᠃
4 ᠦᠬᠦᠯ ᠦᠨ ᠬᠦᠯᠢᠶᠡᠰᠦ ᠨᠠᠮᠠᠶᠢ ᠬᠦᠷᠢᠶᠡᠯᠡᠨ ᠰᠦᠢᠷᠡᠯ ᠦᠨ ᠤᠷᠤᠰᠬᠠᠯ ᠨᠠᠮᠠᠶᠢ ᠰᠦᠷᠳᠡᠭᠦᠯᠪᠡ᠃
5 ᠦᠬᠦᠭᠰᠡᠳ ᠦᠨ ᠣᠷᠣᠨ ᠤ ᠬᠦᠯᠢᠶᠡᠰᠦ ᠨᠠᠮᠠᠶᠢ ᠬᠦᠯᠢᠵᠦ ᠦᠬᠦᠯ ᠦᠨ ᠤᠷᠠᠬ᠎ᠠ ᠨᠠᠮᠠᠶᠢ ᠤᠭᠲᠤᠪᠠ᠃
6 ᠪᠡᠷᠬᠡ ᠴᠠᠭ ᠲᠠᠭᠠᠨ ᠪᠢ ᠶᠣᠬᠣᠸᠠ ᠶᠢ ᠳᠠᠭᠤᠳᠠᠨ᠎ᠠ ᠪᠤᠷᠬᠠᠨ ᠥᠭᠡᠳᠡ ᠬᠠᠰᠬᠢᠷᠪᠠᠯ ᠲᠡᠷᠡ ᠪᠡᠷ ᠥᠪᠡᠷ ᠦᠨ ᠥᠷᠭᠥᠭᠡᠨ ᠡᠴᠡ ᠳᠠᠭᠤ ᠶᠢ ᠮᠢᠨᠢ ᠰᠣᠨᠣᠰᠣᠨ᠎ᠠ ᠮᠢᠨᠦ ᠬᠠᠰᠬᠢᠷᠤᠭᠠᠨ ᠲᠡᠭᠦᠨ ᠦ ᠡᠮᠦᠨ᠎ᠡ᠂ ᠲᠡᠭᠦᠨ ᠦ ᠰᠣᠨᠣᠷ ᠲᠤ ᠬᠦᠷᠦᠨ᠎ᠡ᠃
7 ᠭᠠᠵᠠᠷ ᠭᠠᠩ᠋ᠬᠤᠵᠤ ᠴᠡᠴᠡᠷᠡᠪᠡ ᠠᠭᠤᠯᠠᠰ ᠤᠨ ᠰᠠᠭᠤᠷᠢ ᠬᠥᠳᠡᠯᠪᠡ ᠲᠡᠷᠡ ᠬᠢᠯᠢᠩᠨᠡᠬᠦ ᠳᠦ᠂ ᠭᠠᠩ᠋ᠬᠤᠵᠠᠭᠠᠪᠠ᠂
8 ᠬᠠᠮᠠᠷ ᠠᠴᠠ ᠨᠢ ᠤᠲᠤᠭ᠎ᠠ ᠠᠮᠠᠨ ᠠᠴᠠ ᠨᠢ ᠵᠠᠯᠭᠢᠳᠠᠭ ᠭᠠᠯ ᠭᠠᠷᠴᠤ ᠲᠡᠭᠦᠨ ᠡᠴᠡ ᠳᠥᠯᠥ ᠲᠠᠢ ᠨᠡᠭᠦᠷᠡᠰᠦ ᠭᠠᠷᠪᠠ᠂
9 ᠲᠡᠷᠡ ᠪᠡᠷ ᠲᠩᠷᠢ ᠶᠢ ᠪᠥᠬᠥᠢᠯᠭᠡᠨ ᠪᠠᠭᠤᠵᠤ ᠢᠷᠡᠪᠡ ᠬᠥᠯ ᠳᠣᠣᠷ᠎ᠠ ᠨᠢ ᠬᠠᠷᠠᠩ᠋ᠭᠤᠢ ᠡᠭᠦᠯᠡ ᠪᠠᠢᠪᠠ᠃
10 ᠲᠡᠷᠡ ᠺᠧᠷᠣᠪ ᠬᠥᠯᠭᠡᠯᠡᠨ ᠨᠢᠰᠪᠡ ᠲᠡᠷᠡ ᠰᠠᠯᠬᠢᠨ ᠤ ᠵᠢᠭᠦᠷ ᠳᠡᠭᠡᠷ᠎ᠡ ᠡᠯᠢᠨ ᠬᠠᠯᠢᠪᠠ᠃
11 ᠲᠡᠷᠡ ᠬᠠᠷᠠᠩ᠋ᠭᠤᠢ ᠶᠢ ᠥᠪᠡᠷ ᠦᠨ ᠢᠶᠠᠨ ᠪᠦᠲᠡᠭᠡᠯᠭᠡ᠂ ᠥᠪᠡᠷ ᠦᠨ ᠢᠶᠠᠨ ᠬᠥᠰᠢᠭᠡ ᠪᠣᠯᠭᠠᠵᠤ᠂ ᠤᠰᠤ ᠪᠠᠷ ᠬᠠᠷᠠᠩ᠋ᠭᠤᠢᠯᠠᠭᠰᠠᠨ ᠥᠳᠬᠡᠨ ᠡᠭᠦᠯᠡᠰ ᠢᠶᠡᠷ ᠥᠪᠡᠷ ᠢ ᠪᠠᠨ ᠬᠦᠷᠢᠶᠡᠯᠡᠪᠡ᠃
12 ᠣᠷᠣᠰᠢᠬᠤᠢ ᠶᠢᠨ ᠬᠢᠨᠢ ᠭᠢᠯᠪᠠᠭᠠᠨ ᠠᠴᠠ ᠥᠳᠬᠡᠨ ᠡᠭᠦᠯᠡᠰ ᠮᠥᠨᠳᠥᠷ ᠪᠣᠯᠣᠨ ᠭᠠᠯ ᠲᠠᠢ ᠨᠡᠭᠦᠷᠡᠰᠦ ᠥᠩᠭᠡᠷᠡᠨ ᠶᠠᠪᠤᠪᠠ᠃
13 ᠶᠣᠬᠣᠸᠠ ᠲᠩᠷᠢ ᠡᠴᠡ ᠬᠦᠩᠭᠢᠨᠡᠪᠡ ᠬᠠᠮᠤᠭ ᠤᠨ ᠳᠡᠭᠡᠳᠦ ᠨᠢᠭᠡᠨ ᠨᠢ ᠳᠠᠭᠤ ᠪᠠᠨ ᠭᠠᠷᠭᠠᠵᠤ ᠮᠥᠨᠳᠥᠷ ᠪᠣᠯᠣᠨ ᠭᠠᠯ ᠲᠠᠢ ᠨᠡᠭᠦᠷᠡᠰᠦ ᠶᠢ ᠪᠠᠭᠤᠯᠭᠠᠪᠠ᠂
14 ᠲᠡᠷᠡ ᠪᠡᠷ ᠰᠤᠮᠤ ᠪᠠᠨ ᠬᠠᠷᠪᠤᠵᠤ ᠳᠠᠢᠰᠤᠨ ᠨᠤᠭᠤᠳ ᠢᠶᠠᠨ ᠪᠤᠲᠠᠷᠠᠭᠠᠪᠠ ᠠᠶᠤᠩ᠋ᠭ᠎ᠠ ᠴᠠᠬᠢᠯᠭᠠᠨ ᠢᠶᠠᠷ ᠲᠡᠳᠡᠨ ᠢ ᠪᠤᠲᠠ ᠨᠢᠷᠭᠡᠪᠡ᠃
15 ᠶᠣᠬᠣᠸᠠ ᠲᠠ ᠵᠢᠮᠡᠯᠡᠵᠦ᠂ ᠬᠠᠮᠠᠷ ᠤᠨ ᠠᠮᠢᠰᠬᠤᠯ ᠢᠶᠠᠨ ᠦᠯᠢᠶᠡᠬᠦ ᠳᠦ ᠲᠠᠩᠭᠢᠰ ᠤᠨ ᠢᠷᠤᠭᠠᠷ ᠦᠵᠡᠭᠳᠡᠵᠦ ᠶᠢᠷᠲᠢᠨᠴᠦ ᠶᠢᠨ ᠰᠠᠭᠤᠷᠢ ᠨᠤᠭᠤᠳ ᠢᠯᠡ ᠭᠠᠷᠪᠠ᠃
16 ᠲᠡᠷᠡ ᠪᠡᠷ ᠳᠡᠭᠡᠷ᠎ᠡ ᠡᠴᠡ ᠮᠤᠲᠤᠷ ᠢᠶᠠᠨ ᠰᠤᠩ᠋ᠭᠠᠵᠤ ᠨᠠᠮᠠᠶᠢ ᠠᠪᠴᠤ ᠶᠡᠬᠡ ᠤᠰᠤᠨ ᠠᠴᠠ ᠲᠠᠲᠠᠨ ᠭᠠᠷᠭᠠᠨ᠎ᠠ᠃
17 ᠨᠠᠮᠠᠶᠢ ᠬᠦᠴᠦᠲᠦ ᠳᠠᠢᠰᠤᠨ ᠠᠴᠠ ᠮᠢᠨᠢ ᠨᠠᠳᠠ ᠠᠴᠠ ᠬᠦᠴᠦᠷᠬᠡᠭ ᠥᠰᠲᠡᠨ ᠨᠦᠭᠦᠳ ᠡᠴᠡ ᠮᠢᠨᠢ ᠠᠪᠤᠷᠠᠭᠰᠠᠨ
18 ᠶᠠᠳᠠᠷᠠᠭᠰᠠᠨ ᠡᠳᠦᠷ ᠤᠳ ᠲᠤ ᠮᠢᠨᠢ ᠲᠡᠳᠡ ᠨᠠᠳᠠ ᠤᠷᠤᠭᠤ ᠳᠠᠭᠠᠷᠢᠭᠰᠠᠨ ᠪᠣᠯᠪᠠᠴᠤ ᠶᠣᠬᠣᠸᠠ ᠮᠢᠨᠦ ᠲᠦᠰᠢᠭ ᠪᠠᠢᠪᠠ᠃
19 ᠲᠡᠷᠡ ᠪᠡᠷ ᠠᠭᠤᠵᠢᠮ ᠭᠠᠵᠠᠷ ᠤᠷᠤᠭᠤ ᠨᠠᠮᠠᠶᠢ ᠠᠪᠴᠢᠷᠠᠵᠤ ᠲᠠᠭᠠᠯᠠᠭᠰᠠᠨ ᠤᠴᠢᠷ ᠠᠴᠠ ᠨᠠᠮᠠᠶᠢ ᠠᠪᠤᠷᠠᠪᠠ᠃
20 ᠵᠥᠪᠲᠦ ᠪᠠᠢᠳᠠᠯ ᠤᠨ ᠮᠢᠨᠢ ᠳᠠᠭᠠᠤ ᠶᠣᠬᠣᠸᠠ ᠨᠠᠮᠠᠶᠢ ᠱᠠᠩᠨᠠᠵᠤ ᠴᠡᠪᠡᠷ ᠭᠠᠷ ᠤᠨ ᠮᠢᠨᠢ ᠳᠠᠭᠠᠤ ᠨᠠᠳᠠ ᠳᠤ ᠬᠠᠷᠢᠭᠤᠯᠤᠨ᠎ᠠ᠃
21 ᠤᠴᠢᠷ ᠨᠢ ᠪᠢ ᠶᠣᠬᠣᠸᠠ ᠶᠢᠨ ᠵᠠᠮ ᠢᠶᠠᠷ ᠯᠠ ᠶᠠᠪᠤᠪᠠ ᠪᠤᠷᠤᠭᠤ ᠶᠢ ᠬᠢᠬᠦ ᠪᠡᠷ ᠪᠤᠷᠬᠠᠨ ᠠᠴᠠ ᠪᠠᠨ ᠭᠠᠵᠢᠭ᠎ᠠ ᠦᠭᠡᠢ᠃
22 ᠲᠡᠭᠦᠨ ᠦ ᠪᠦᠬᠦ ᠵᠢᠷᠤᠮ ᠮᠢᠨᠦ ᠡᠮᠦᠨ᠎ᠡ ᠪᠠᠢᠨ᠎ᠠ ᠲᠡᠭᠦᠨ ᠦ ᠲᠣᠭᠲᠠᠭᠠᠯ ᠢ ᠪᠢ ᠥᠪᠡᠷ ᠡᠴᠡ ᠪᠡᠨ ᠵᠠᠢᠯᠠᠭᠤᠯᠬᠤ ᠦᠭᠡᠢ᠃
23 ᠪᠢ ᠲᠡᠭᠦᠨ ᠦ ᠡᠮᠦᠨ᠎ᠡ ᠪᠤᠷᠤᠭᠤ ᠦᠭᠡᠢ ᠪᠠᠢᠭᠰᠠᠭᠠᠷ ᠪᠡᠶ᠎ᠡ ᠪᠡᠨ ᠨᠢᠭᠦᠯ ᠡᠴᠡ ᠬᠠᠮᠠᠭᠠᠯᠠᠭᠰᠠᠨ᠃
24 ᠶᠣᠬᠣᠸᠠ ᠥᠪᠡᠷ ᠦᠨ ᠬᠢᠨᠢ ᠮᠡᠯᠮᠡᠢ ᠶᠢᠨ ᠡᠮᠦᠨ᠎ᠡ ᠵᠥᠪ ᠪᠠᠢᠭᠰᠠᠨ ᠤ ᠮᠢᠨᠢ ᠳᠠᠭᠠᠤ ᠭᠠᠷ ᠤᠨ ᠮᠢᠨᠢ ᠴᠡᠪᠡᠷ ᠪᠠᠢᠭᠰᠠᠨ ᠤ ᠳᠠᠭᠠᠤ ᠨᠠᠳᠠ ᠳᠤ ᠬᠠᠷᠢᠭᠤᠯᠤᠭᠰᠠᠨ᠃
25 ᠲᠠ ᠦᠨᠡᠨᠴᠢ ᠬᠥᠮᠦᠨ ᠳᠦ ᠦᠨᠡᠨᠴᠢ ᠬᠠᠢᠷ᠎ᠠ ᠪᠠᠨ ᠥ ᠦᠭᠡᠢ ᠬᠥᠮᠦᠨ ᠳᠦ ᠥ ᠦᠭᠡᠢ ᠪᠡᠨ ᠬᠠᠷᠠᠭᠤᠯᠤᠨ᠎ᠠ᠃
26 ᠴᠡᠪᠡᠷ ᠬᠥᠮᠦᠨ ᠳᠦ ᠴᠡᠪᠡᠷ ᠪᠠᠢᠵᠤ ᠭᠤᠢᠪᠢᠭᠤᠯᠤᠭᠴᠢ ᠬᠥᠮᠦᠨ ᠡᠴᠡ ᠬᠠᠵᠠᠢᠨᠠ᠃
27 ᠲᠡᠢᠨ ᠬᠦ ᠲᠠ ᠳᠣᠷᠣᠢ ᠠᠷᠠᠳ ᠢ ᠠᠪᠤᠷᠠᠵᠤ ᠳᠡᠭᠡᠷᠡᠯᠬᠡᠦ ᠬᠠᠷᠠᠴᠠ ᠶᠢ ᠳᠣᠷᠣᠭᠰᠢᠯᠠᠭᠤᠯᠤᠨ᠎ᠠ᠃
28 ᠶᠣᠬᠣᠸᠠ ᠲᠠ ᠯᠠ ᠳ᠋ᠧᠩ ᠢ ᠮᠢᠨᠢ ᠭᠡᠷᠡᠯᠲᠦᠭᠦᠯᠦᠨ᠎ᠡ ᠮᠢᠨᠦ ᠪᠤᠷᠬᠠᠨ ᠬᠠᠷᠠᠩ᠋ᠭᠤᠢ ᠶᠢ ᠮᠢᠨᠢ ᠭᠡᠭᠡᠷᠡᠭᠦᠯᠦᠨ᠎ᠡ᠃
29 ᠲᠠᠨ ᠤ ᠬᠦᠴᠦ ᠪᠡᠷ ᠪᠢ ᠴᠡᠷᠢᠭ ᠤᠨ ᠡᠰᠡᠷᠭᠦ ᠭᠦᠶᠦᠵᠦ ᠪᠤᠷᠬᠠᠨ ᠤ ᠪᠠᠨ ᠬᠦᠴᠦ ᠪᠡᠷ ᠬᠡᠷᠡᠮ ᠳᠠᠪᠠᠵᠤ ᠴᠢᠳᠠᠨ᠎ᠠ᠃
30 ᠪᠤᠷᠬᠠᠨ ᠤ ᠵᠠᠮ ᠲᠡᠭᠦᠰ ᠶᠣᠬᠣᠸᠠ ᠶᠢᠨ ᠦᠭᠡ ᠦᠨᠡᠨ ᠭᠡᠳᠡᠭ ᠨᠢ ᠪᠠᠲᠤᠯᠠᠭᠳᠠᠭᠰᠠᠨ᠂ ᠥᠪᠡᠷ ᠦᠨ ᠬᠢᠨᠢ ᠳᠣᠲᠣᠷ᠎ᠠ ᠬᠣᠷᠭᠣᠳᠠᠳᠠᠭ ᠪᠦᠬᠦᠨ ᠳᠦ ᠲᠡᠷᠡ ᠪᠠᠮᠪᠠᠢ ᠶᠤᠮ᠃
31 ᠶᠣᠬᠣᠸᠠ ᠠᠴᠠ ᠥᠭᠡᠷ᠎ᠡ ᠬᠡᠨ ᠨᠢ ᠪᠤᠷᠬᠠᠨ ᠪᠤᠢ︖ ᠪᠢᠳᠡᠨ ᠦ ᠪᠤᠷᠬᠠᠨ ᠠᠴᠠ ᠥᠭᠡᠷ᠎ᠡ ᠬᠡᠨ ᠨᠢ ᠬᠠᠳᠠ ᠶᠤᠮ ᠪᠤᠢ︖
32 ᠡᠨᠡ ᠪᠤᠷᠬᠠᠨ ᠯᠠ ᠨᠠᠮᠠᠶᠢ ᠬᠦᠴᠦ ᠴᠢᠳᠠᠯ ᠢᠶᠠᠷ ᠵᠡᠪᠰᠡᠭᠯᠡᠵᠦ ᠵᠠᠮ ᠢ ᠮᠢᠨᠢ ᠲᠡᠭᠦᠰ ᠪᠣᠯᠭᠠᠳᠠᠭ᠂
33 ᠬᠥᠯ ᠢ ᠮᠢᠨᠢ ᠰᠣᠭᠣ ᠶᠢᠨ ᠬᠢ ᠰᠢᠭ᠋ ᠪᠣᠯᠭᠠᠵᠤ ᠮᠢᠨᠦ ᠥᠨᠳᠥᠷᠯᠢᠭ ᠤᠳ ᠳᠡᠭᠡᠷ᠎ᠡ ᠨᠠᠮᠠᠶᠢ ᠲᠠᠯᠪᠢᠳᠠᠭ᠃
34 ᠲᠡᠷᠡ ᠭᠠᠷ ᠢ ᠮᠢᠨᠢ ᠲᠤᠯᠤᠯᠳᠤᠭᠠᠨ ᠳᠤ ᠳᠠᠰᠬᠠᠵᠤ ᠪᠠᠢᠨ᠎ᠠ ᠱᠤᠤ ᠮᠢᠨᠢ ᠬᠦᠷᠡᠯ ᠨᠤᠮᠤ ᠶᠢ ᠲᠠᠬᠢᠢᠯᠭᠠᠵᠤ ᠴᠢᠳᠠᠨ᠎ᠠ᠃
35 ᠲᠠ ᠠᠪᠤᠷᠠᠯ ᠤᠨ ᠢᠶᠠᠨ 5 ᠪᠠᠮᠪᠠᠢ ᠶᠢ ᠨᠠᠳᠠ ᠳᠤ ᠰᠣᠶᠣᠷᠬᠠᠭᠰᠠᠨ ᠪᠥᠭᠡᠳ ᠨᠠᠮᠠᠶᠢ ᠪᠠᠷᠠᠭᠤᠨ ᠮᠤᠲᠤᠷ ᠢᠶᠠᠷ ᠢᠶᠠᠨ ᠲᠦᠰᠢᠨ᠎ᠡ ᠥᠪᠡᠷ ᠦᠨ ᠲᠠᠨᠢ ᠳᠥᠯᠭᠡᠨ ᠪᠠᠢᠳᠠᠯ ᠨᠠᠮᠠᠶᠢ ᠠᠭᠤᠤ ᠪᠣᠯᠭᠠᠨ᠎ᠠ᠃
36 ᠲᠠ ᠬᠥᠯ ᠦᠨ ᠳᠣᠣᠷᠠᠬᠢ ᠵᠠᠮ ᠢ ᠮᠢᠨᠢ ᠥᠷᠭᠡᠰᠭᠡᠵᠦ ᠪᠠᠢᠨ᠎ᠠ ᠬᠥᠯ ᠮᠢᠨᠢ ᠬᠠᠯᠲᠤᠷᠢᠭ᠎ᠠ ᠦᠭᠡᠢ᠃
37 ᠪᠢ ᠳᠠᠢᠰᠤᠨ ᠨᠤᠭᠤᠳ ᠢᠶᠠᠨ ᠨᠡᠬᠡᠨ ᠬᠥᠭᠡᠭᠡᠵᠦ᠂ ᠭᠦᠢᠴᠡᠭᠰᠡᠨ ᠲᠡᠳᠡᠨ ᠢ ᠰᠥᠨᠥᠭᠡᠬᠦ ᠡᠴᠡ ᠨᠠᠰᠢ ᠡᠷᠭᠢᠭᠰᠡᠨ ᠦᠭᠡᠢ᠃
38 ᠪᠢ ᠲᠡᠳᠡᠨ ᠢ ᠪᠤᠲᠠ ᠴᠣᠬᠢᠭᠰᠠᠨ ᠳᠤ᠂ ᠲᠡᠳᠡ ᠪᠣᠰᠴᠤ ᠴᠢᠳᠠᠭᠰᠠᠨ ᠦᠭᠡᠢ ᠬᠥᠯ ᠳᠣᠣᠷ᠎ᠠ ᠮᠢᠨᠢ ᠤᠨᠠᠭᠰᠠᠨ ᠪᠠᠢᠪᠠ᠃
39 ᠲᠠ ᠨᠠᠮᠠᠶᠢ ᠲᠤᠯᠤᠯᠳᠤᠭᠠᠨ ᠳᠤ ᠬᠦᠴᠦ ᠴᠢᠳᠠᠯ ᠢᠶᠠᠷ ᠵᠡᠪᠰᠡᠭᠯᠡᠵᠦ ᠮᠢᠨᠦ ᠡᠰᠡᠷᠭᠦ ᠪᠣᠰᠣᠭᠴᠢᠳ ᠢ ᠮᠢᠨᠦ ᠳᠣᠣᠷ᠎ᠠ ᠪᠥᠬᠥᠢᠯᠭᠡᠪᠡ᠃
40 ᠲᠠ ᠳᠠᠢᠰᠤᠨ ᠨᠤᠭᠤᠳ ᠤᠨ ᠮᠢᠨᠢ ᠨᠢᠷᠤᠭᠤ ᠶᠢ ᠬᠠᠷᠠᠭᠤᠯᠤᠭᠰᠠᠨ ᠪᠢ ᠥᠰᠲᠡᠨ ᠨᠦᠭᠦᠳ ᠢᠶᠡᠨ ᠤᠰᠠᠳᠬᠠᠯᠠ᠃
41 ᠲᠡᠳᠡ ᠬᠠᠰᠬᠢᠷᠤᠭᠰᠠᠨ ᠪᠣᠯᠪᠠᠴᠤ ᠠᠪᠤᠷᠠᠭᠴᠢ ᠠᠯᠠᠭ᠎ᠠ ᠶᠣᠬᠣᠸᠠ ᠤᠷᠤᠭᠤ ᠬᠠᠰᠬᠢᠷᠤᠭᠰᠠᠨ ᠴᠤ ᠲᠡᠷᠡ ᠬᠠᠷᠢᠭᠤᠯᠤᠭ᠎ᠠ ᠦᠭᠡᠢ᠃
42 ᠪᠢ ᠲᠡᠳᠡᠨ ᠢ ᠰᠠᠯᠬᠢᠨ ᠳᠤ ᠬᠡᠶᠢᠰᠬᠦ ᠲᠣᠭᠣᠰᠣ ᠰᠢᠭ᠋ ᠪᠤᠲᠠᠷᠠᠭᠠᠵᠤ ᠭᠤᠳᠤᠮᠵᠢᠨ ᠤ ᠰᠢᠪᠠᠷ ᠰᠢᠭ᠋ ᠬᠠᠶᠠᠨ᠎ᠠ᠃
43 ᠲᠠ ᠨᠠᠮᠠᠶᠢ ᠠᠷᠠᠳ ᠲᠦᠮᠡᠨ ᠦ ᠬᠡᠷᠡᠭᠦᠯ ᠡᠴᠡ ᠭᠡᠲᠦᠯᠭᠡᠵᠦ ᠦᠨᠳᠦᠰᠦᠲᠡᠨ ᠨᠦᠭᠦᠳ ᠦᠨ ᠲᠡᠷᠢᠭᠦᠨ ᠪᠣᠯᠭᠠᠨ᠎ᠠ ᠮᠢᠨᠦ ᠮᠡᠳᠡᠳᠡᠭ ᠦᠭᠡᠢ ᠠᠷᠠᠳ ᠲᠦᠮᠡᠨ ᠨᠠᠳᠠ ᠳᠤ ᠦᠢᠯᠡᠴᠢᠯᠡᠨ᠎ᠡ
44 ᠮᠢᠨᠦᠬᠢ ᠶᠢ ᠰᠣᠨᠣᠰᠣᠩ᠋ᠭᠤᠲᠠ ᠳᠠᠭᠠᠨ᠎ᠠ ᠬᠠᠷᠢᠴᠤᠳ ᠨᠠᠳᠠ ᠳᠤ ᠪᠥᠬᠥᠢᠨ᠎ᠡ
45 ᠬᠠᠷᠢᠴᠤᠳ ᠵᠣᠷᠢᠭ ᠠᠯᠳᠠᠨ ᠰᠢᠯᠲᠦᠭᠡᠨ ᠡᠴᠡ ᠪᠡᠨ ᠴᠡᠴᠡᠷᠡᠨ ᠭᠠᠷᠤᠨ᠎ᠠ᠃
46 ᠶᠣᠬᠣᠸᠠ ᠠᠮᠢᠳᠤ︕ ᠮᠠᠭᠲᠠᠭᠳᠠᠬᠤ ᠪᠣᠯᠲᠤᠭᠠᠢ᠂ ᠬᠠᠳᠠ ᠮᠢᠨᠢ︕ ᠡᠷᠭᠦᠮᠵᠢᠯᠡᠭᠳᠡᠬᠦ ᠪᠣᠯᠲᠤᠭᠠᠢ᠂ ᠮᠢᠨᠦ ᠠᠪᠤᠷᠠᠭᠴᠢ ᠪᠤᠷᠬᠠᠨ᠂
47 ᠮᠢᠨᠦ ᠲᠥᠯᠥᠭᠡ ᠥᠰᠢᠶ᠎ᠡ ᠠᠪᠴᠤ ᠮᠢᠨᠦ ᠳᠣᠣᠷ᠎ᠠ ᠦᠨᠳᠦᠰᠦᠲᠡᠨ ᠨᠦᠭᠦᠳ ᠢ ᠪᠥᠬᠥᠢᠯᠭᠡᠨ
48 ᠨᠠᠮᠠᠶᠢ ᠳᠠᠢᠰᠤᠨ ᠨᠤᠭᠤᠳ ᠠᠴᠠ ᠮᠢᠨᠢ ᠴᠢᠯᠥᠭᠡᠯᠡᠭᠴᠢ ᠪᠤᠷᠬᠠᠨ︕ ᠲᠠ ᠨᠠᠮᠠᠶᠢ ᠡᠰᠡᠷᠭᠦᠴᠡᠭᠴᠢᠳ ᠤᠨ ᠮᠢᠨᠢ ᠳᠡᠭᠡᠷ᠎ᠡ ᠡᠷᠭᠦᠮᠵᠢᠯᠡᠵᠦ ᠬᠠᠷᠭᠢᠰ ᠬᠥᠮᠦᠨ ᠡᠴᠡ ᠭᠡᠲᠦᠯᠭᠡᠨ᠎ᠡ᠂
49 ᠲᠡᠢᠮᠦ ᠡᠴᠡ ᠦᠨᠳᠦᠰᠦᠲᠡᠨ ᠨᠦᠭᠦᠳ ᠦᠨ ᠳᠤᠮᠳᠠ ᠪᠢ ᠶᠣᠬᠣᠸᠠ ᠲᠠᠨ ᠳᠤ ᠲᠠᠯᠠᠷᠬᠠᠨ ᠲᠠᠨ ᠤ ᠨᠡᠷ᠎ᠡ ᠳᠦ ᠮᠠᠭᠲᠠᠭᠠᠯ ᠡᠷᠭᠦᠨ᠎ᠡ᠃
50 ᠦᠯᠡᠮᠵᠢ ᠢᠯᠠᠯᠲᠠ ᠶᠢ ᠬᠠᠭᠠᠨ ᠳᠠᠭᠠᠨ ᠰᠣᠶᠣᠷᠬᠠᠭᠴᠢ ᠥᠪᠡᠷ ᠦᠨ ᠲᠣᠰᠣᠯᠠᠭᠰᠠᠨ ᠨᠢᠭᠡᠨ ᠪᠣᠯᠬᠤ ᠳ᠋ᠠᠸᠢᠳ᠋ ᠪᠣᠯᠣᠨ ᠲᠡᠭᠦᠨ ᠦ ᠦᠷ᠎ᠡ ᠤᠳᠤᠮ ᠢ ᠡᠭᠦᠷᠢᠳᠡ ᠬᠠᠢᠷᠠᠯᠠᠨ ᠡᠨᠡᠷᠢᠭ᠍ᠴᠢ ᠨᠢ ᠲᠡᠷᠡ ᠪᠢᠯᠡ᠃