1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠭᠤᠴᠢᠨ ᠵᠢᠷᠭᠤᠭ᠎ᠠ
 ᠡᠨᠡᠷᠢᠩᠭᠦᠢ ᠪᠤᠷᠬᠠᠨ ᠤ ᠬᠠᠭᠠᠨᠴᠢᠯᠠᠯ
 ᠶᠣᠬᠣᠸᠠ ᠶᠢᠨ ᠵᠠᠷᠤᠴᠠ ᠳ᠋ᠠᠸᠢᠳ᠋ ᠤᠨ ᠳᠠᠭᠤᠯᠠᠯ᠂ ᠨᠠᠢᠷᠠᠯ ᠳᠠᠭᠤᠤ ᠶᠢᠨ ᠤᠳᠤᠷᠢᠳᠤᠭᠠᠴᠢ ᠳᠤ᠃

1 ᠪᠤᠷᠤᠭᠤᠲᠠᠨ ᠤ ᠨᠢᠭᠦᠯ ᠦᠨ ᠲᠠᠯ᠎ᠠ ᠪᠠᠷ ᠰᠡᠳᠬᠢᠯ ᠳᠤ ᠮᠢᠨᠢ ᠵᠥᠩ ᠪᠤᠢ᠂ ᠲᠡᠭᠦᠨ ᠦ ᠨᠢᠳᠦᠨ ᠳᠦ ᠪᠤᠷᠬᠠᠨ ᠠᠴᠠ ᠡᠮᠢᠶᠡᠬᠦᠢ ᠨᠢ ᠦᠭᠡᠢ᠂
2 ᠥᠪᠡᠷ ᠢ ᠪᠠᠨ ᠬᠡᠲᠦᠷᠬᠡᠢ ᠶᠡᠬᠡ ᠦᠨᠡᠯᠡᠳᠡᠭ ᠤᠴᠢᠷ ᠠᠴᠠ ᠥᠪᠡᠷ ᠦᠨ ᠢᠶᠠᠨ ᠨᠢᠭᠦᠯ ᠢ ᠮᠡᠳᠡᠷᠡᠬᠦ ᠦᠭᠡᠢ᠂ ᠵᠢᠭᠰᠢᠬᠦ ᠦᠭᠡᠢ ᠪᠠᠢᠳᠠᠭ᠂
3 ᠠᠮᠠᠨ ᠤ ᠬᠢᠨᠢ ᠦᠭᠡᠰ ᠬᠣᠣᠷ ᠲᠠᠢ᠂ ᠮᠥᠨ ᠵᠠᠯᠢ ᠲᠠᠢ ᠤᠬᠠᠭᠠᠯᠢᠭ ᠪᠠᠢᠬᠤ ᠬᠢᠭᠡᠳ ᠰᠠᠢᠨ ᠢ ᠦᠢᠯᠡᠳᠬᠦ ᠪᠡᠨ ᠵᠣᠭᠰᠣᠭᠠᠭᠰᠠᠨ᠂
4 ᠣᠷᠣ ᠳᠡᠭᠡᠷ᠎ᠡ ᠪᠡᠨ ᠬᠣᠷᠣᠨ ᠮᠠᠭᠤ ᠶᠢ ᠰᠡᠳᠦᠵᠦ ᠰᠠᠢᠨ ᠪᠤᠰᠤ ᠵᠠᠮ ᠳᠡᠭᠡᠷ᠎ᠡ ᠪᠡᠨ ᠮᠠᠭᠤ ᠶᠢ ᠬᠠᠶᠠᠯ ᠦᠭᠡᠢ ᠵᠣᠭᠰᠣᠨ᠎ᠠ᠃
5 ᠶᠣᠬᠣᠸᠠ᠂ ᠲᠠᠨ ᠤ ᠦᠨᠡᠨ ᠬᠠᠢᠷ᠎ᠠ ᠲᠩᠷᠢ ᠳᠤ ᠲᠠᠨ ᠤ ᠢᠲᠡᠭᠡᠮᠵᠢ ᠡᠭᠦᠯᠡᠰ ᠲᠦ ᠬᠦᠷᠦᠨ᠎ᠡ᠃
6 ᠲᠠᠨ ᠤ ᠵᠥᠪ ᠪᠤᠷᠬᠠᠨ ᠤ ᠠᠭᠤᠯᠠᠰ ᠲᠠᠢ ᠠᠳᠠᠯᠢ ᠲᠠᠨ ᠤ ᠰᠢᠢᠳᠪᠦᠷᠢ ᠶᠡᠬᠡ ᠳᠠᠯᠠᠢ ᠲᠠᠢ ᠠᠳᠠᠯᠢ ᠶᠣᠬᠣᠸᠠ᠂ ᠲᠠ ᠬᠥᠮᠦᠨ ᠠᠮᠢᠲᠠᠨ ᠢ ᠬᠠᠮᠠᠭᠠᠯᠠᠨ᠎ᠠ᠂
7 ᠪᠤᠷᠬᠠᠨ ᠮᠢᠨᠢ᠂ ᠲᠠᠨ ᠤ ᠦᠨᠡᠨ ᠬᠠᠢᠷ᠎ᠠ ᠶᠠᠭᠤᠲᠠᠢ ᠨᠠᠨᠳᠢᠨ ᠠᠵᠢ︕ ᠬᠥᠮᠦᠨ ᠦ ᠬᠥᠪᠡᠭᠦᠳ ᠲᠠᠨ ᠤ ᠵᠢᠭᠦᠷ ᠦᠨ ᠰᠡᠭᠦᠳᠡᠷ ᠳᠣᠣᠷ᠎ᠠ ᠬᠣᠷᠭᠣᠳᠠᠨ᠎ᠠ᠃
8 ᠲᠡᠳᠡ ᠲᠠᠨ ᠤ ᠥᠷᠭᠥᠭᠡᠨ ᠦ ᠬᠡᠰᠢᠭ ᠢᠶᠠᠷ ᠴᠠᠳᠤᠨ᠎ᠠ ᠲᠠ ᠲᠡᠳᠡᠨ ᠢ ᠪᠠᠶᠠᠰᠬᠤᠯᠠᠩ ᠤᠨ ᠢᠶᠠᠨ ᠭᠣᠣᠯ ᠠᠴᠠ ᠤᠮᠳᠠᠯᠠᠨ᠎ᠠ᠃
9 ᠠᠮᠢ ᠶᠢᠨ ᠤᠨᠳᠤᠷᠤᠭ᠎ᠠ ᠲᠠᠨ ᠳᠤ ᠪᠤᠢ ᠲᠠᠨ ᠤ ᠭᠡᠷᠡᠯ ᠢᠶᠡᠷ ᠪᠢᠳᠡ ᠭᠡᠷᠡᠯ ᠢ ᠬᠠᠷᠠᠨ᠎ᠠ᠃

10 ᠲᠠᠨ ᠢ ᠮᠡᠳᠡᠭᠴᠢᠳ ᠲᠤ ᠦᠨᠡᠨ ᠬᠠᠢᠷ᠎ᠠ ᠪᠠᠨ ᠦᠵᠡᠭᠦᠯᠦᠭᠰᠡᠭᠡᠷ ᠴᠢᠭ᠍ᠴᠢ ᠵᠢᠷᠦᠬᠡᠲᠡᠨ ᠳᠦ ᠵᠥᠪ ᠢᠶᠡᠨ ᠬᠦᠷᠲᠡᠭᠡᠭᠡᠴᠢ᠂
11 ᠪᠠᠷᠳᠠᠮᠨᠠᠭᠴᠢ ᠶᠢᠨ ᠬᠥᠯ ᠨᠠᠳᠠ ᠤᠷᠤᠭᠤ ᠪᠦᠦ ᠢᠷᠡᠭ ᠪᠤᠷᠤᠭᠤᠲᠠᠳ ᠤᠨ ᠭᠠᠷ ᠨᠠᠳᠠ ᠤᠷᠤᠭᠤ ᠪᠦᠦ ᠳᠠᠯᠠᠢᠭ᠂
12 ᠪᠤᠷᠤᠭᠤ ᠶᠢ ᠦᠢᠯᠡᠳᠦᠭᠴᠢᠳ ᠲᠡᠨᠳᠡ ᠪᠡᠨ ᠤᠨᠠᠪᠠ ᠪᠣᠰᠴᠤ ᠴᠢᠳᠠᠬᠤ ᠪᠠᠷ ᠦᠭᠡᠢ ᠰᠢᠳᠡᠭᠳᠡᠪᠡ᠃