1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠶᠡᠷᠡᠨ ᠲᠠᠪᠤ
 ᠮᠥᠷᠭᠥᠯ ᠳᠤ ᠤᠷᠢᠶᠠᠯᠠᠪᠠ
1 ᠢᠷᠡᠭᠲᠦᠨ᠂ ᠶᠣᠬᠣᠸᠠ ᠳᠤ ᠳᠠᠭᠤᠤ ᠡᠷᠭᠦᠵᠡᠭᠡᠨ ᠠᠪᠤᠷᠠᠯ ᠤᠨ ᠢᠶᠠᠨ ᠬᠠᠳᠠ ᠥᠭᠡᠳᠡ ᠪᠠᠶᠠᠷ ᠲᠠᠢ ᠪᠠᠷ ᠬᠠᠰᠬᠢᠷᠴᠠᠭᠠᠶ᠎ᠠ
2 ᠲᠡᠭᠦᠨ ᠦ ᠡᠮᠦᠨ᠎ᠡ ᠲᠠᠯᠠᠷᠬᠠᠯ ᠲᠠᠢ ᠪᠠᠷ ᠢᠷᠡᠵᠦ ᠬᠥᠭᠵᠢᠮ ᠳᠠᠭᠤᠤ ᠶᠢᠨ ᠳᠤᠮᠳᠠ ᠲᠡᠭᠦᠨ ᠥᠭᠡᠳᠡ ᠪᠠᠶᠠᠷ ᠲᠠᠢ ᠪᠠᠷ ᠬᠠᠰᠬᠢᠷᠴᠠᠭᠠᠶ᠎ᠠ᠃
3 ᠶᠣᠬᠣᠸᠠ ᠪᠣᠯ ᠠᠭᠤᠤ ᠪᠤᠷᠬᠠᠨ᠂ ᠪᠦᠬᠦ ᠪᠤᠷᠬᠠᠳ ᠤᠨ ᠳᠡᠭᠡᠳᠦ ᠠᠤᠭ᠎ᠠ ᠬᠠᠭᠠᠨ ᠪᠢᠯᠡ︕
4 ᠳᠡᠯᠡᠬᠡᠢ ᠶᠢᠨ ᠭᠦᠨ ᠭᠠᠵᠠᠷ ᠤᠳ ᠲᠡᠭᠦᠨ ᠦ ᠠᠯᠠᠭᠠᠨ ᠳᠣᠲᠣᠷ᠎ᠠ᠂ ᠠᠭᠤᠯᠠ ᠶᠢᠨ ᠣᠷᠣᠢ ᠨᠤᠭᠤᠳ ᠴᠤ ᠲᠡᠭᠦᠨ ᠦ ᠬᠢ
5 ᠳᠠᠯᠠᠢ ᠴᠤ ᠲᠡᠭᠦᠨ ᠦ ᠬᠢ᠂ ᠲᠡᠷᠡ ᠪᠦᠲᠦᠭᠡᠭᠰᠡᠨ ᠶᠤᠮ᠂ ᠬᠠᠭᠤᠷᠠᠢ ᠭᠠᠵᠠᠷ ᠢ ᠴᠤ ᠲᠡᠭᠦᠨ ᠦ ᠮᠤᠲᠤᠷ ᠬᠡᠯᠪᠡᠷᠢᠵᠢᠭᠦᠯᠦᠭᠰᠡᠨ᠃

6 ᠢᠷᠡᠭᠲᠦᠨ᠂ ᠪᠢᠳᠡ ᠪᠥᠬᠥᠢᠨ ᠮᠥᠷᠭᠥᠵᠡᠭᠡᠶ᠎ᠡ ᠪᠢᠳᠡᠨ ᠢ ᠪᠦᠲᠦᠭᠡᠭᠰᠡᠨ ᠶᠣᠬᠣᠸᠠ ᠶᠢᠨ ᠡᠮᠦᠨ᠎ᠡ ᠡᠪᠦᠳᠦᠭ ᠰᠥᠭᠥᠳᠴᠡᠭᠡᠶ᠎ᠡ᠃
7 ᠲᠡᠷᠡ ᠪᠣᠯ ᠪᠢᠳᠡᠨ ᠦ ᠪᠤᠷᠬᠠᠨ᠂ ᠪᠢᠳᠡ ᠪᠣᠯ ᠲᠡᠭᠦᠨ ᠦ ᠪᠡᠯᠴᠢᠭᠡᠷ ᠦᠨ ᠠᠷᠠᠳ ᠲᠦᠮᠡᠨ᠂ ᠲᠡᠭᠦᠨ ᠦ ᠮᠤᠲᠤᠷ ᠳᠠᠬᠢ ᠬᠣᠨᠢᠨ ᠰᠦᠷᠦᠭ ᠶᠤᠮ︕ ᠬᠡᠷᠪᠡ ᠥᠨᠥᠳᠥᠷ ᠲᠠ ᠨᠠᠷ ᠲᠡᠭᠦᠨ ᠦ ᠳᠠᠭᠤ ᠶᠢ ᠰᠣᠨᠣᠰᠪᠠᠯ
8 ᠮᠧᠷᠢᠪᠠ ᠳᠤ ᠪᠠᠢᠭᠰᠠᠨ ᠰᠢᠭ᠋ ᠴᠥᠯ ᠳᠤ᠂ ᠮᠠᠰᠠ ᠳᠤ ᠪᠠᠢᠭᠰᠠᠨ ᠡᠳᠦᠷ ᠦᠨ ᠬᠢ ᠰᠢᠭ ᠵᠢᠷᠦᠬᠡ ᠪᠡᠨ ᠪᠦᠦ ᠬᠠᠲᠠᠭᠤᠷᠠᠭᠤᠯ᠃
9 ᠲᠡᠨᠳᠡ ᠡᠴᠢᠭᠡ ᠡᠪᠦᠭᠡᠳ ᠴᠢᠨᠢ ᠨᠠᠮᠠᠶᠢ ᠲᠡᠩᠰᠡᠭᠰᠡᠨ ᠦᠢᠯᠡᠰ ᠢ ᠮᠢᠨᠢ ᠬᠠᠷᠠᠭᠰᠠᠨ ᠬᠢᠷᠢ ᠨᠢ ᠨᠠᠮᠠᠶᠢ ᠰᠣᠷᠢᠭᠰᠠᠨ᠃
10 ᠳᠥᠴᠢᠨ ᠵᠢᠯ ᠤᠨ ᠲᠤᠷᠰᠢ ᠪᠢ ᠲᠡᠷᠡ ᠦᠶ᠎ᠡ ᠶᠢᠨ ᠬᠢᠨ ᠳᠤ ᠳᠤᠷ᠎ᠠ ᠦᠭᠡᠶᠢᠴᠡᠵᠦ ᠲᠡᠳᠡᠨ ᠳᠦ 《ᠡᠨᠡ ᠠᠷᠠᠳ ᠲᠦᠮᠡᠨ ᠦ ᠰᠡᠳᠬᠢᠯ ᠲᠡᠨᠦᠭᠰᠡᠭᠡᠷ ᠪᠠᠢᠨ᠎ᠠ᠂》 《ᠲᠡᠳᠡ ᠵᠠᠮ ᠢ ᠮᠢᠨᠢ ᠮᠡᠳᠡᠬᠦ ᠦᠭᠡᠢ》 ᠭᠡᠰᠡᠨ᠃
11 ᠲᠡᠢᠮᠦ ᠡᠴᠡ ᠪᠢ ᠠᠭᠤᠷ ᠲᠠᠢ ᠪᠠᠷ 《ᠲᠡᠳᠡ ᠮᠢᠨᠦ ᠠᠮᠠᠷᠠᠯ ᠳᠤ ᠬᠡᠵᠢᠶ᠎ᠡ ᠴᠤ ᠣᠷᠣᠬᠤ ᠦᠭᠡᠢ》 ᠭᠡᠰᠡᠨ ᠶᠤᠮ᠃