1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66 67 68 69 70 71 72 73 74 75 76 77 78 79 80 81 82 83 84 85 86 87 88 89 90 91 92 93 94 95 96 97 98 99 100 101 102 103 104 105 106 107 108 109 110 111 112 113 114 115 116 117 118 119 120 121 122 123 124 125 126 127 128 129 130 131 132 133 134 135 136 137 138 139 140 141 142 143 144 145 146 147 148 149 150


ᠳᠠᠭᠤᠯᠠᠯ ᠨᠠᠶᠠᠨ ᠵᠢᠷᠭᠤᠭ᠎ᠠ
 ᠭᠠᠰᠠᠯᠠᠩᠲᠤ ᠴᠠᠭ ᠤᠨ ᠭᠤᠶᠤᠯᠲᠠ
 ᠳ᠋ᠠᠸᠢᠳ᠋ ᠤᠨ ᠳᠠᠭᠠᠳᠬᠠᠯ᠃

1 ᠶᠣᠬᠣᠸᠠ ᠰᠣᠨᠣᠰᠣᠭᠠᠳ ᠨᠠᠳᠠ ᠳᠤ ᠬᠠᠷᠢᠭᠤᠯᠤᠭᠠᠴᠢ ᠪᠢ ᠵᠣᠪᠠᠵᠤ᠂ ᠭᠠᠴᠢᠭᠳᠠᠵᠤ ᠪᠠᠢᠨ᠎ᠠ᠃
2 ᠪᠢ ᠲᠠᠨ ᠳᠤ ᠦᠨᠡᠨᠴᠢ ᠨᠢᠭᠡᠨ ᠪᠢᠯᠡ ᠠᠮᠢ ᠶᠢ ᠮᠢᠨᠢ ᠬᠠᠮᠠᠭᠠᠯᠠᠭᠠᠴᠢ ᠮᠢᠨᠦ ᠪᠤᠷᠬᠠᠨ ᠲᠠ ᠥᠪᠡᠷ ᠲᠦ ᠲᠠᠨᠢ ᠢᠲᠡᠭᠡᠳᠡᠭ ᠵᠠᠷᠤᠴᠠ ᠪᠠᠨ ᠠᠪᠤᠷᠠᠭᠠᠴᠢ᠃
3 ᠡᠵᠡᠨ᠂ ᠨᠠᠮᠠᠶᠢ ᠡᠨᠡᠷᠢᠭᠡᠴᠢ ᠡᠳᠦᠷᠵᠢᠨ ᠪᠢ ᠲᠠᠨ ᠤᠷᠤᠭᠤ ᠬᠠᠰᠬᠢᠷᠴᠤ ᠪᠠᠢᠨ᠎ᠠ᠂
4 ᠵᠠᠷᠤᠴᠠ ᠶᠢᠨ ᠢᠶᠠᠨ ᠰᠡᠳᠬᠢᠯ ᠢ ᠪᠠᠶᠠᠰᠬᠠᠭᠠᠴᠢ ᠪᠢ ᠰᠡᠳᠬᠢᠯ ᠢᠶᠠᠨ ᠡᠵᠡᠨ ᠲᠠᠨ ᠤᠷᠤᠭᠤ ᠡᠷᠭᠦᠵᠦ ᠪᠠᠢᠨ᠎ᠠ᠃
5 ᠡᠵᠡᠨ ᠲᠠ ᠪᠣᠯ ᠰᠠᠢᠨ᠂ ᠠᠭᠤᠴᠢᠯᠠᠬᠤ ᠳᠤ ᠪᠡᠯᠡᠬᠡᠨ ᠥᠪᠡᠷ ᠢ ᠲᠠᠨᠢ ᠳᠠᠭᠤᠳᠠᠭᠴᠢ ᠪᠦᠭᠦᠳᠡ ᠳᠦ ᠬᠠᠢᠷ᠎ᠠ ᠡᠨᠡᠷᠢᠯ ᠢᠶᠠᠷ ᠪᠢᠯᠬᠠᠮ᠎ᠠ᠃
6 ᠶᠣᠬᠣᠸᠠ᠂ ᠳᠠᠭᠠᠳᠬᠠᠯ ᠢ ᠮᠢᠨᠢ ᠴᠢᠩᠨᠠᠭᠠᠴᠢ ᠭᠤᠶᠤᠯᠲᠠ ᠶᠢᠨ ᠳᠠᠭᠤ ᠳᠤ ᠮᠢᠨᠢ ᠠᠩ᠋ᠬᠠᠷᠤᠯ ᠲᠠᠯᠪᠢᠭᠠᠴᠢ︕
7 ᠵᠣᠪᠠᠯᠠᠩ ᠤᠨ ᠢᠶᠠᠨ ᠡᠳᠦᠷ ᠪᠢ ᠲᠠᠨ ᠢ ᠳᠠᠭᠤᠳᠠᠵᠤ ᠪᠠᠢᠨ᠎ᠠ ᠲᠠ ᠨᠠᠳᠠ ᠳᠤ ᠬᠠᠷᠢᠭᠤᠯᠬᠤ ᠪᠣᠯᠣᠨ᠎ᠠ᠃
8 ᠡᠵᠡᠨ᠂ ᠪᠤᠷᠬᠠᠳ ᠤᠨ ᠳᠤᠮᠳᠠ ᠲᠠᠨ ᠰᠢᠭ᠋ ᠨᠢ ᠦᠭᠡᠢ ᠲᠠᠨ ᠤ ᠬᠢ ᠰᠢᠭ᠋ ᠦᠢᠯᠡᠰ ᠴᠤ ᠪᠠᠢᠬᠤ ᠦᠭᠡᠢ᠃
9 ᠡᠵᠡᠨ᠂ ᠲᠠᠨ ᠤ ᠪᠦᠲᠦᠭᠡᠭᠰᠡᠨ ᠬᠠᠮᠤᠭ ᠦᠨᠳᠦᠰᠦᠲᠡᠨ ᠢᠷᠡᠵᠦ ᠲᠠᠨ ᠤ ᠡᠮᠦᠨ᠎ᠡ ᠮᠥᠷᠭᠥᠵᠦ ᠲᠠᠨ ᠤ ᠨᠡᠷ᠎ᠡ ᠶᠢ ᠠᠯᠳᠠᠷᠰᠢᠭᠤᠯᠤᠨ᠎ᠠ᠃
10 ᠤᠴᠢᠷ ᠨᠢ ᠲᠠ ᠠᠤᠭ᠎ᠠ ᠪᠥᠭᠡᠳ ᠭᠠᠢᠬᠠᠮᠰᠢᠭ ᠢ ᠦᠢᠯᠡᠳᠦᠭᠴᠢ ᠭᠠᠭᠴᠠᠬᠠᠨ ᠲᠠ ᠯᠠ ᠪᠤᠷᠬᠠᠨ ᠶᠤᠮ᠃

11 ᠶᠣᠬᠣᠸᠠ᠂ ᠥᠪᠡᠷ ᠦᠨ ᠢᠶᠠᠨ ᠵᠠᠮ ᠢ ᠨᠠᠳᠠ ᠳᠤ ᠰᠤᠷᠭᠠᠭᠠᠴᠢ ᠪᠢ ᠲᠠᠨ ᠤ ᠦᠨᠡᠨ ᠢᠶᠡᠷ ᠠᠯᠬᠤᠨ᠎ᠠ ᠲᠠᠨ ᠤ ᠨᠡᠷ᠎ᠡ ᠡᠴᠡ ᠡᠮᠢᠶᠡᠬᠦ ᠭᠠᠭᠴᠠ ᠵᠢᠷᠦᠬᠡ ᠶᠢ ᠰᠣᠶᠣᠷᠬᠠᠭᠠᠴᠢ᠃
12 ᠮᠢᠨᠦ ᠡᠵᠡᠨ ᠪᠤᠷᠬᠠᠨ᠂ ᠪᠢ ᠪᠦᠬᠦ ᠵᠢᠷᠦᠬᠡ ᠪᠡᠷ ᠢᠶᠠᠨ ᠲᠠᠨ ᠳᠤ ᠲᠠᠯᠠᠷᠬᠠᠵᠤ ᠲᠠᠨ ᠤ ᠨᠡᠷ᠎ᠡ ᠶᠢ ᠮᠥᠩᠬᠡᠳᠡ ᠠᠯᠳᠠᠷᠰᠢᠭᠤᠯᠵᠤ᠄
13 《ᠨᠠᠳᠠ ᠳᠤ ᠬᠠᠨᠳᠤᠭᠰᠠᠨ ᠲᠠᠨ ᠤ ᠬᠠᠢᠷ᠎ᠠ ᠠᠭᠤᠤ᠂ ᠲᠠ ᠠᠮᠢ ᠶᠢ ᠮᠢᠨᠢ ᠦᠬᠦᠭᠰᠡᠳ ᠦᠨ ᠣᠷᠣᠨ ᠤ ᠭᠦᠨ ᠡᠴᠡ ᠠᠪᠤᠷᠠᠭᠰᠠᠨ》 ᠭᠡᠬᠦ ᠪᠣᠯᠣᠨ᠎ᠠ᠃

14 ᠪᠤᠷᠬᠠᠨ᠂ ᠪᠠᠷᠳᠠᠮᠨᠠᠭᠴᠢᠳ ᠮᠢᠨᠦ ᠡᠰᠡᠷᠭᠦ ᠪᠣᠰᠴᠠᠭᠠᠯ᠎ᠠ ᠪᠠᠯᠠᠮᠠᠳ ᠬᠥᠮᠦᠰ ᠦᠨ ᠪᠦᠯᠦᠭ ᠠᠮᠢ ᠶᠢ ᠮᠢᠨᠢ ᠬᠠᠢᠵᠤ ᠪᠠᠢᠨ᠎ᠠ ᠲᠡᠳᠡ ᠲᠠᠨ ᠢ ᠥᠪᠡᠷᠰᠡᠳ ᠦᠨ ᠢᠶᠠᠨ ᠡᠮᠦᠨ᠎ᠡ ᠵᠠᠯᠠᠳᠠᠭ ᠦᠭᠡᠢ᠃
15 ᠡᠵᠡᠨ ᠲᠠ ᠪᠣᠯ ᠥᠷᠥᠰᠢᠶᠡᠯ ᠲᠡᠢ᠂ ᠨᠢᠭᠦᠯᠡᠰᠦᠯ ᠲᠡᠢ ᠪᠤᠷᠬᠠᠨ᠂ ᠠᠭᠤᠷᠯᠠᠬᠤ ᠳᠠᠭᠠᠨ ᠤᠳᠠᠭᠠᠨ᠂ ᠬᠠᠢᠷ᠎ᠠ ᠪᠠ ᠦᠨᠡᠨ ᠢᠶᠡᠷ ᠳᠦᠭᠦᠷᠡᠩ ᠶᠤᠮ᠃
16 ᠨᠠᠳᠠ ᠤᠷᠤᠭᠤ ᠡᠷᠭᠢᠵᠦ᠂ ᠨᠠᠮᠠᠶᠢ ᠨᠢᠭᠦᠯᠡᠰᠦᠭᠡᠴᠢ᠂ ᠵᠠᠷᠤᠴᠠ ᠳᠠᠭᠠᠨ ᠥᠪᠡᠷ ᠦᠨ ᠢᠶᠠᠨ ᠬᠦᠴᠦ ᠶᠢ ᠥᠭᠴᠦ ᠰᠢᠪᠡᠭᠴᠢᠨ ᠤ ᠪᠠᠨ ᠬᠦᠦ ᠶᠢ ᠠᠪᠤᠷᠠᠭᠠᠴᠢ᠃
17 ᠶᠣᠬᠣᠸᠠ ᠲᠠ ᠯᠠ ᠨᠠᠳᠠ ᠳᠤ ᠲᠤᠰᠠᠯᠠᠨ᠂ ᠨᠠᠮᠠᠶᠢ ᠲᠠᠢᠪᠤᠰᠢᠷᠠᠭᠤᠯᠳᠠᠭ᠂ ᠨᠠᠳᠠ ᠳᠤ ᠰᠠᠢᠨ ᠤ ᠪᠠᠨ ᠲᠡᠮᠳᠡᠭ ᠢ ᠦᠵᠡᠭᠦᠯᠦᠭᠡᠴᠢ᠂ ᠨᠠᠮᠠᠶᠢ ᠦᠵᠡᠨ ᠶᠠᠳᠠᠭᠴᠢᠳ ᠬᠠᠷᠠᠭᠠᠳ ᠢᠴᠢᠭ᠃